Та "Internet explorer"-ийн сүүлийн хувилбар болох "Microsoft edge"-г ашиглана уу

Хэрэв "Microsoft edge"-г татах бол энд дарж татаж авна уу

MN EN

ᠮᠣᠩᠭᠤᠯ ᠬᠡᠯᠡ ᠪᠡ᠊᠂ ᠷᠢᠨᠴᠢᠨ

ᠢᠯᠡ ᠲᠣᠳᠤ ᠪᠠᠢᠢᠳᠠᠯ ᠬᠦᠮᠦᠨ ᠦ ᠨᠦᠭᠡᠴᠡ

ᠨᠡᠢᠢᠲᠡᠯᠡᠯᠴᠢ ᠨᠢ᠄ admin | ᠨᠡᠢᠢᠲᠡᠯᠡᠭᠰᠡᠨ ᠣᠭᠨᠣ᠄ 2021-06-30 18:30:00 |

ᠦᠵᠡᠭᠰᠡᠨ ᢉᠡᠷᠡᠭᠯᠡᠭᠴᠢ: 34


ᠮᠣᠩᠭᠤᠯ ᠬᠡᠯᠡ   
ᠪᠡ᠊᠂ ᠷᠢᠨᠴᠢᠨ

ᠴᠢᠬᠢᠨ᠎ᠦ ᠴᠢᠮᠡᠭ ᠪᠣᠯᠤᠭᠰᠠᠨ ᠠᠶᠠᠯᠭᠤ ᠰᠠᠢᠬᠠᠨ ᠮᠣᠩᠭᠤᠯ ᠬᠡᠯᠡ
ᠴᠢᠩ ᠵᠣᠷᠢᠭᠲᠤ ᠡᠪᠦᠭᠡᠳ ᠳᠡᠭᠡᠳᠦᠰ᠎ᠦᠨ᠎ᠮᠢᠨᠢ ᠥᠪ ᠶᠡᠬᠡ ᠡᠷᠳᠡᠨᠢ
ᠰᠣᠨᠤᠰᠬᠤ ᠪᠦᠷᠢ ᠢᠷᠠᠭᠤ ᠪᠠᠶᠠᠯᠢᠭ᠎ᠢ ᠭᠠᠢᠬᠠᠨ ᠪᠠᠶᠠᠰᠠᠵᠤ
ᠰᠣᠳᠤ ᠶᠡᠬᠡ ᠪᠢᠯᠢᠭᠲᠦ ᠲᠦᠮᠡᠨ ᠶᠥᠭᠡᠨ ᠪᠢᠰᠢᠷᠡᠨ ᠮᠠᠭᠲᠠᠮᠤ ᠪᠢ!

ᠤᠷᠢᠳᠠ᠎ᠶᠢᠨ ᠪᠡᠷᠬᠡ ᠴᠠᠭ᠎ᠲᠤ ᠤᠯᠤᠰ ᠮᠣᠩᠭᠤᠯ᠎ᠤᠨ ᠬᠡᠳᠦ ᠵᠠᠶᠠᠭ᠎ᠠ᠎ᠶᠢ
ᠤᠢᠳᠭᠠᠷᠯᠠᠨ ᠪᠣᠳᠤᠬᠤ᠎ᠳᠤ ᠤᠷᠮ᠎ᠠ ᠵᠣᠷᠢᠭ᠎ᠢ᠎ᠮᠢᠨᠢ ᠰᠡᠭᠦᠭᠡᠭᠰᠡᠨ
ᠥᠭᠡᠳᠡᠯᠡᠨ ᠳᠡᠭᠵᠢᠬᠦ᠎ᠶᠢᠨ ᠲᠡᠭᠦᠰ ᠪᠣᠭᠢ᠎ᠲᠠᠢ᠎ᠳᠤ᠎ᠨᠢ ᠢᠲᠡᠭᠡᠭᠦᠯᠦᠭᠰᠡᠨ
ᠥᠷᠨᠢᠨ ᠮᠠᠨᠳᠤᠬᠤ᠎ᠶᠢᠨ ᠰᠢᠨᠵᠢ ᠪᠦᠷᠢᠳᠦᠭᠰᠡᠨ ᠡᠪᠦᠭᠡᠳ᠎ᠦᠨ᠎ᠮᠢᠨᠢ ᠬᠡᠯᠡ

ᠮᠥᠷᠡᠨ ᠭᠣᠣᠯ ᠴᠢᠳᠭᠤᠯᠠᠩᠲᠤ ᠰᠢᠷᠭᠢᠰᠢ᠎ᠦᠭᠡᠢ ᠶᠡᠬᠡ ᠳᠠᠯᠠᠢ ᠮᠡᠲᠦ
ᠮᠥᠩᠭᠡᠲᠡ ᠦᠷ᠎ᠡ ᠠᠴᠢ᠎ᠨᠠᠷ᠎ᠤᠨ ᠵᠠᠯᠭᠠᠮᠵᠢ᠎ᠪᠠᠷ ᠪᠠᠳᠠᠷᠠᠩᠬᠠᠨ ᠳᠡᠯᠭᠡᠷᠡᠵᠦ
ᠬᠥᠨᠳᠡᠢ ᠴᠡᠭᠡᠵᠢᠨ᠎ᠳᠦ ᠣᠷᠤᠭᠴᠢ ᠪᠦᠭᠦᠳᠡ᠎ᠶᠢ ᠨᠡᠪᠡᠲᠡᠷᠡᠭᠦᠯᠬᠦ ᠴᠢᠳᠠᠯᠲᠤ
ᠬᠥᠭᠵᠢᠮ ᠮᠡᠲᠦ ᠢᠷᠠᠭᠤ ᠪᠠᠶᠠᠰᠭᠤᠯᠠᠩᠲᠤ ᠮᠣᠩᠭᠤᠯ ᠬᠡᠯᠡ᠎ᠮᠢᠨᠢ!

ᠪᠤᠴᠠᠬᠤ