Та "Internet explorer"-ийн сүүлийн хувилбар болох "Microsoft edge"-г ашиглана уу

Хэрэв "Microsoft edge"-г татах бол энд дарж татаж авна уу

MN EN

ᠬᠠᠮᠠᠷ ᠯᠣᠳᠤᠨ

ᠵᠠᠷᠯᠠᠯ ᠮᠡᠳᠡᢉᠡᠯᠡᠯ ᠪᠠᠭᠰᠢ ᠳ᠋ᠤ ᠳᠡᠮᠵᠢᠯᠭᠡ

ᠨᠡᠢᠢᠲᠡᠯᠡᠯᠴᠢ ᠨᠢ᠄ admin | ᠨᠡᠢᠢᠲᠡᠯᠡᠭᠰᠡᠨ ᠣᠭᠨᠣ᠄ 2021-11-10 18:50:09 | ᠨᠡᠢᠢᠲᠡᠯᠡᠯ ᠵᠠᠰᠠᠭᠰᠠᠨ ᠣᠭᠨᠣ᠄ subadmin on 2023-11-28 22:40:46

ᠦᠵᠡᠭᠰᠡᠨ ᢉᠡᠷᠡᠭᠯᠡᠭᠴᠢ: 11


ᠬᠠᠮᠠᠷ ᠯᠣᠳᠤᠨ

ᠬᠠᠮᠠᠷ ᠯᠣᠳᠤᠨ᠂ ᠴᠢᠪᠠᠭᠠᠨᠴᠠ ᠵᠠᠭᠷᠠᠢᠮ᠎ᠠ ᠭᠡᠪᠡᠯ ᠣᠢᠷ᠎ᠠ ᠲᠥᠰᠦᠷ᠎ᠲᠦ ᠲᠠᠨᠢᠬᠤ᠎ᠦᠭᠡᠢ ᠠᠮᠢᠲᠠᠨ ᠭᠡᠵᠦ ᠪᠠᠢᠬᠤ᠎ᠦᠭᠡᠢ᠃ ᠴᠢᠪᠠᠭᠠᠨᠴᠠ᠎ᠴᠤ ᠶᠠᠭᠠᠮᠠᠢ᠂ ᠴᠢᠪᠠᠭᠠᠨᠴᠠ ᠰᠠᠭᠤᠭᠰᠠᠨ᠎ᠳᠠᠭᠠᠨ ᠲᠡᠭᠡᠵᠦ ᠴᠣᠯᠠᠰᠢᠭᠰᠠᠨ ᠪᠠᠢᠯᠭᠦᠢ᠃ ᠬᠠᠷᠢᠨ ᠯᠣᠳᠤᠨ ᠭᠤᠸᠠᠢ ᠬᠠᠮᠢᠭ᠎ᠠ᠎ᠦᠭᠡᠢ ᠵᠢᠭᠠᠬᠠᠨ ᠶᠠᠭᠤᠮᠠᠨ ᠳᠡᠭᠡᠷ᠎ᠡ ᠠᠭᠤᠷᠯᠠᠳᠠᠭ ᠵᠠᠩ᠎ᠲᠠᠢ᠂ ᠠᠭᠤᠷᠯᠠᠬᠤ ᠪᠣᠯᠭᠠᠨ ᠮᠠᠨᠴᠤᠷᠭᠠᠨ ᠬᠠᠮᠠᠷ᠎ᠨᠢ ᠵᠡᠰ ᠤᠯᠠᠭᠠᠨ ᠪᠣᠯᠲᠠᠯ᠎ᠠ ᠴᠡᠨᠳᠡᠢᠳᠡᠭ᠎ᠢᠶᠡᠷ᠎ᠢᠶᠡᠨ ᠬᠠᠮᠠᠷ ᠯᠣᠳᠤᠨ ᠭᠡᠵᠦ ᠨᠡᠷᠡᠰᠢᠵᠡᠢ᠃

ᠰᠢᠨ᠎ᠡ ᠠᠮᠪᠠᠨ ᠶᠠᠭᠤ ᠳᠤᠲᠠᠪᠠᠯ ᠡᠷᠡᠭᠡᠯᠡᠯ᠎ᠦᠭᠡᠢ ᠬᠡᠯᠡ ᠭᠡᠰᠡᠨ

ᠪᠢᠰᠢ᠎ᠦᠦ? ᠳᠤᠭᠤᠢ᠎ᠯᠠ ᠣᠴᠢᠭᠠᠳ ᠨᠡᠬᠡᠶ᠎ᠡ!

ᠬᠠᠮᠠᠷ ᠯᠣᠳᠤᠨ᠎ᠤ ᠡᠨᠡ ᠶᠠᠪᠤᠭ᠎ᠠ ᠨᠠᠰᠤᠨ᠎ᠳᠠᠭᠠᠨ ᠳᠠᠳᠮᠠᠭᠠᠢᠷᠠᠵᠤ ᠴᠠᠭᠠᠷᠠᠭᠰᠠᠨ ᠠᠵᠢᠯ ᠭᠡᠪᠡᠯ ᠭᠠᠭᠴᠠ᠎ᠯᠠ ᠮᠣᠳᠤ᠃ ᠬᠠᠷᠠᠬᠠᠨ ᠪᠠᠭ᠎ᠠ᠎ᠠᠴᠠ᠎ᠪᠠᠨ ᠡᠷᠭᠦᠭᠰᠡᠨ ᠡᠴᠢᠭᠡ ᠮᠣᠳᠤᠴᠢᠨ ᠯᠣᠷᠤᠢ᠎ᠪᠠᠨ ᠳᠠᠭᠠᠵᠤ᠂ ᠥᠨᠥᠳᠦᠷ ᠡᠨᠡ ᠯᠤᠤᠭᠠᠷ᠎ᠤᠨ ᠬᠠᠰᠠᠭ᠎ᠢ ᠰᠢᠭᠠᠵᠤ ᠲᠣᠪᠬᠢᠭᠠᠳ ᠠᠳᠭᠤ ᠳᠠᠪᠤᠰᠤ ᠠᠮᠠ ᠳᠠᠪᠤᠤ ᠣᠯᠵᠤ᠂ ᠮᠠᠷᠭᠠᠰᠢ ᠲᠡᠷᠡ ᠠᠢᠯ᠎ᠤᠨ ᠪᠠᠯᠪᠠᠷᠬᠠᠢ ᠬᠠᠭᠠᠯᠭ᠎ᠠ᠎ᠶᠢ ᠰᠡᠯᠪᠢᠵᠦ ᠡᠪᠯᠡᠭᠦᠯᠦᠭᠡᠳ᠂ ᠴᠠᠭᠠᠷᠢᠭ ᠴᠢᠰᠤ ᠴᠠᠭᠠᠰᠤᠨ ᠭᠦᠵᠡᠭᠡ ᠣᠯᠵᠤ ᠢᠳᠡᠳᠡᠭ ᠪᠠᠢᠵᠠᠢ᠃ ᠠᠪᠳᠠᠷ᠎ᠠ ᠱᠦᠭᠦᠢ᠂ ᠠᠷᠠᠯ ᠲᠡᠩᠬᠡᠯᠢᠭ ᠠᠷᠭᠠᠴᠠᠬᠤ ᠳᠡᠮ᠎ᠲᠡᠢ ᠪᠣᠯᠤᠭᠠᠳ ᠢᠷᠡᠬᠦ᠎ᠳᠦ ᠯᠣᠷᠤᠢ ᠡᠪᠦᠭᠡᠨ ᠯᠣᠳᠤᠨ᠎ᠢ ᠬᠠᠶᠠᠭᠠᠳ ᠬᠣᠷᠤ᠎ᠠ ᠳᠠᠭᠤᠰᠴᠠᠢ᠃ ᠬᠡᠳᠦᠢ ᠡᠷ᠎ᠡ᠎ᠶᠢᠨ ᠴᠡᠭᠡᠯ᠎ᠳᠦ ᠬᠦᠷᠴᠦ ᠭᠠᠯ ᠭᠣᠯᠤᠮᠲᠠ᠎ᠪᠠᠨ ᠵᠠᠯᠭᠠᠭᠰᠠᠨ ᠪᠣᠯᠪᠠᠴᠤ ᠤᠭᠤᠯᠢ ᠬᠢᠷᠦᠭᠡ᠂ ᠴᠦᠴᠡ ᠬᠠᠷᠤᠭᠤᠯ᠎ᠢ ᠭᠠᠷᠭᠠᠪᠠᠯ᠂ ᠯᠣᠷᠤᠢ ᠡᠪᠦᠭᠡᠨ ᠲᠠᠰᠤᠷᠬᠠᠢ ᠪᠦᠷᠢᠶᠡᠰᠦ ᠬᠡᠮᠬᠡᠷᠬᠡᠢ ᠲᠣᠭᠤᠨᠤ᠎ᠴᠤ ᠦᠯᠡᠳᠡᠭᠡᠵᠦ ᠥᠭᠭᠦᠭᠰᠡᠨ᠎ᠦᠭᠡᠢ ᠲᠤᠯᠠ ᠮᠥᠨ᠎ᠯᠡ ᠲᠡᠨᠦᠭᠦᠯ ᠠᠮᠢᠳᠤᠷᠠᠯ᠎ᠢᠶᠠᠨ ᠦᠷᠭᠦᠯᠵᠢᠯᠡᠭᠦᠯᠵᠦ ᠪᠠᠢᠭᠰᠠᠨ᠃ ᠭᠡᠳᠡᠰᠦᠨ᠎ᠳᠡᠭᠡᠨ ᠵᠥᠪ᠎ᠦᠭᠡᠢ ᠯᠣᠳᠤᠨ ᠭᠡᠷ ᠲᠥᠪᠬᠢᠨᠡᠵᠦ ᠭᠡᠷᠭᠡᠢ ᠪᠠᠭᠤᠯᠭᠠᠬᠤ᠎ᠨᠢ ᠶᠣᠰᠤᠲᠠᠢ ᠬᠣᠭᠤᠰᠤᠨ ᠰᠠᠨᠠᠭ᠎ᠠ ᠪᠢᠵᠡ᠃ ᠬᠠᠪᠢ ᠲᠥᠰᠦᠷ᠎ᠲᠦ ᠮᠣᠳᠤᠴᠢᠨ ᠭᠡᠪᠡᠯ ᠭᠠᠭᠴᠠᠬᠠᠨ ᠬᠠᠮᠠᠷ ᠯᠣᠳᠤᠨ ᠪᠣᠯᠬᠤ᠎ᠳᠠᠭᠠᠨ ᠮᠥᠷᠦ᠎ᠪᠡᠨ ᠵᠦᠳᠡᠭᠦᠦ ᠪᠥᠭᠯᠡᠵᠦ᠂ ᠴᠣ᠋ ᠴᠢᠮᠠᠢ ᠠᠮᠢᠳᠤᠷᠠᠵᠤ ᠪᠠᠢᠵᠠᠢ᠃

ᠤᠯᠠᠭᠠᠭᠴᠢᠨ ᠭᠠᠬᠠᠢ ᠵᠢᠯ᠎ᠦᠨ ᠬᠠᠪᠤᠷ ᠬᠠᠮᠠᠷ ᠯᠣᠳᠤᠨ ᠪᠦᠬᠦᠯᠢ ᠰᠢᠭᠦᠰᠦᠨ᠎ᠦ ᠠᠮᠠ ᠰᠢᠷᠡᠭᠡ ᠬᠢᠬᠦ ᠠᠯᠪᠠ᠎ᠳᠤ ᠪᠠᠷᠢᠭᠳᠠᠭᠠᠳ᠂ ᠬᠣᠰᠢᠭᠤ ᠶᠠᠮᠤᠨ ᠳᠡᠭᠡᠷ᠎ᠡ ᠲᠡᠪᠡᠷᠢᠮ᠎ᠡ ᠪᠦᠳᠦᠭᠦᠨ ᠠᠭᠠᠷᠤ ᠵᠦᠰᠦᠵᠦ ᠪᠠᠢᠲᠠᠯ᠎ᠠ᠂ 《ᠥᠪᠦᠷ ᠮᠣᠩᠭᠤᠯ᠎ᠤᠨ ᠥᠪᠡᠷᠲᠡᠭᠡᠨ ᠵᠠᠰᠠᠬᠤ ᠣᠷᠤᠨ ᠮᠠᠨᠳᠤᠵᠤ ᠭᠡᠭᠡᠨ ᠲᠤᠭ᠎ᠨᠢ ᠬᠡᠢᠰᠴᠦ ᠪᠠᠢᠬᠤ》 ᠵᠢᠷᠦᠬᠡ ᠳᠣᠩᠰᠤᠯᠭᠠᠮ᠎ᠠ ᠴᠢᠮᠡᠭᠡ ᠤᠯᠠᠮᠵᠢᠯᠠᠭᠳᠠᠨ ᠢᠷᠡᠵᠡᠢ᠃ ᠬᠣᠰᠢᠭᠤ ᠳᠠᠶᠠᠩ᠎ᠳᠠᠭᠠᠨ᠂ ᠬᠡᠯᠡᠪᠡᠯ ᠮᠢᠨᠦ ᠵᠣᠷᠢᠭ ᠬᠡᠢᠰᠭᠡᠪᠡᠯ ᠲᠡᠭᠷᠢ᠎ᠶᠢᠨ ᠵᠣᠷᠢᠭ ᠭᠡᠵᠦ ᠰᠡᠷᠬᠡᠢᠵᠦ ᠶᠠᠪᠤᠭᠰᠠᠨ ᠠᠮᠪᠠᠨ ᠨᠣᠶᠠᠨᠲᠠᠨ ᠡᠳᠦᠷ ᠰᠥᠨᠢ᠎ᠶᠢᠨ ᠬᠣᠭᠤᠷᠤᠨᠳᠤ᠂ ᠪᠢᠯᠢᠭ ᠤᠬᠠᠭᠠᠨ᠎ᠨᠢ ᠪᠡᠶ᠎ᠡ᠎ᠡᠴᠡ᠎ᠪᠡᠨ ᠰᠠᠯᠵᠤ᠂ ᠵᠠᠩᠭᠢ ᠵᠠᠯᠠᠨ᠎ᠢᠶᠠᠨ ᠴᠤᠭᠯᠠᠭᠤᠯᠤᠨ ᠬᠥᠯ ᠪᠣᠯᠬᠤ᠎ᠳᠤ ᠬᠠᠮᠠᠷ ᠯᠣᠳᠤᠨ ᠬᠠᠷᠢᠨ ᠦᠢᠮᠡᠭᠡᠨ᠎ᠢ ᠵᠠᠪᠳᠤᠨ ᠰᠥᠨᠢ᠎ᠪᠡᠷ ᠠᠷᠢᠯᠵᠠᠢ᠃

ᠶᠠᠮᠤᠨ ᠳᠡᠭᠡᠷ᠎ᠡ ᠬᠣᠰᠢᠭᠤ ᠠᠷᠠᠳ᠎ᠤᠨ ᠵᠠᠰᠠᠭ ᠪᠠᠢᠭᠤᠯᠤᠭᠳᠠᠪᠠ᠃ ᠬᠠᠮᠠᠷ ᠯᠣᠳᠤᠨ ᠬᠠᠷᠠᠴᠤ ᠠᠷᠠᠳ᠎ᠤᠨ ᠲᠥᠯ᠂ ᠶᠠᠳᠠᠭᠤ ᠨᠢᠴᠦᠭᠦᠨ ᠦᠨᠳᠦᠰᠦᠨ ᠮᠠᠯᠴᠢᠨ ᠲᠤᠯᠠ ᠲᠠᠪᠤᠨ ᠬᠠᠨ᠎ᠠ᠎ᠲᠠᠢ ᠴᠣ᠋ ᠰᠢᠨ᠎ᠡ ᠭᠡᠷ᠂ ᠲᠠᠪᠤ ᠠᠷᠪᠠᠨ ᠮᠠᠯ ᠢᠳᠡᠭᠡ᠎ᠲᠡᠢ ᠲᠡᠳᠭᠦᠮᠵᠢ ᠣᠯᠭᠤᠨ᠎ᠠ ᠭᠡᠵᠦ ᠵᠠᠰᠠᠭ᠎ᠤᠨ ᠣᠷᠳᠤᠨ ᠲᠣᠭᠲᠠᠭᠠᠵᠠᠢ᠃ ᠡᠨᠡ ᠴᠢᠮᠡᠭᠡ᠎ᠪᠡᠷ ᠬᠠᠮᠠᠷ ᠯᠣᠳᠤᠨ ᠲᠠᠪᠲᠤᠷ ᠠᠯᠳᠠᠵᠤ ᠣᠷᠭᠤᠭᠠᠳ ᠭᠦᠶᠦᠴᠢᠬᠡᠮᠡᠷ ᠰᠠᠨᠠᠭᠳᠠᠪᠠ᠃ ᠬᠠᠭᠠᠰ ᠨᠠᠰᠤ᠎ᠶᠢ ᠲᠡᠨᠦᠵᠦ ᠥᠩᠭᠡᠷᠡᠭᠡᠨ᠂ ᠰᠠᠨᠠᠭ᠎ᠠ᠎ᠪᠠᠷ᠎ᠢᠶᠠᠨ ᠰᠠᠪᠠᠵᠤ ᠵᠢᠯᠤᠭᠤ᠎ᠪᠠᠷ᠎ᠢᠶᠠᠨ ᠭᠤᠶᠠᠳᠠᠭᠠᠳ᠂ ᠬᠠᠩᠭᠠᠯ ᠵᠠᠳᠠᠭᠠᠢ ᠰᠤᠷᠴᠢᠬᠠᠭᠰᠠᠨ᠎ᠶᠤᠮ᠎ᠴᠢᠨᠢ᠂ ᠭᠡᠳᠡᠰᠦ ᠴᠠᠳᠪᠠᠯ ᠪᠠᠶᠠᠨ᠂ ᠬᠡᠰᠦᠵᠦ ᠲᠣᠭᠤᠷᠢᠪᠠᠯ ᠪᠤᠶᠠᠨ᠃ ᠮᠠᠯ ᠢᠳᠡᠭᠡ᠎ᠲᠡᠢ ᠨᠣᠴᠤᠯᠳᠤᠨ᠎ᠠ᠂ ᠭᠡᠷ ᠲᠡᠷᠭᠡ ᠳᠣᠳᠤᠮᠳᠠᠨ᠎ᠠ ᠭᠡᠳ ᠬᠠᠷ᠎ᠠ ᠶᠠᠷᠰᠢᠭ᠂ ᠬᠠᠢᠷᠠᠨ ᠪᠡᠶ᠎ᠡ᠎ᠪᠡᠨ ᠠᠷᠭᠠᠮᠵᠢᠭᠤᠯᠬᠤ᠎ᠪᠠᠨ ᠪᠣᠯᠢᠶ᠎ᠠ! ᠭᠡᠵᠦ ᠲᠡᠷᠡ ᠪᠣᠳᠤᠵᠠᠢ᠃

ᠰᠤᠮᠤᠨ᠎ᠠᠴᠠ ᠳᠠᠷᠤᠭ᠎ᠠ ᠺᠠᠳ᠋ᠷ ᠪᠥᠭᠡᠮ᠎ᠢᠶᠡᠷ ᠢᠷᠡᠵᠦ:

《ᠠᠪᠬᠤ᠎ᠦᠭᠡᠢ ᠶᠠᠭᠠᠬᠢᠵᠤ ᠪᠣᠯᠬᠤ ᠪᠤᠢ? ᠵᠠᠰᠠᠭ᠎ᠤᠨ ᠣᠷᠳᠤᠨ ᠪᠠᠢᠭᠤᠯᠤᠭᠳᠠᠭᠰᠠᠨ᠎ᠨᠢ ᠨᠡᠢᠭᠡᠮ ᠵᠢᠷᠤᠮ᠎ᠤᠨ ᠰᠠᠢᠨ ᠰᠠᠢᠬᠠᠨ ᠡᠬᠢᠯᠡᠵᠦ᠂ ᠶᠠᠳᠠᠭᠤ ᠨᠢᠴᠦᠭᠦᠨ᠂ ᠲᠡᠨᠦᠭᠦᠯ ᠠᠮᠢᠳᠤᠷᠠᠯ ᠪᠤᠴᠠᠯᠲᠠ᠎ᠦᠭᠡᠢ ᠡᠴᠦᠰᠯᠡᠭᠰᠡᠨ ᠲᠡᠮᠳᠡᠭ ᠮᠥᠨ᠃ ᠰᠤᠷ᠎ᠢᠶᠠᠨ ᠪᠦᠰᠡᠯᠡᠵᠦ ᠰᠤᠷᠤᠭᠰᠠᠨ ᠳᠠᠭᠤᠤ᠎ᠪᠠᠨ ᠳᠠᠭᠤᠯᠠᠵᠤ᠂ ᠮᠤᠷᠤᠢ ᠵᠠᠮ᠎ᠢᠶᠠᠨ ᠬᠥᠭᠡᠭᠡᠭᠡᠳ ᠪᠠᠢᠪᠠᠯ ᠰᠢᠨ᠎ᠡ ᠰᠠᠢᠬᠠᠨ ᠴᠠᠭ᠎ᠤᠨ᠎ᠢᠶᠠᠨ ᠨᠢᠭᠤᠷ᠎ᠢ ᠭᠤᠲᠤᠭᠠᠭᠰᠠᠨ ᠶᠠᠪᠤᠳᠠᠯ ᠰᠢᠤ!》 ᠭᠡᠵᠦ ᠣᠯᠠᠨ ᠪᠦᠭᠦᠳᠡᠭᠡᠷ ᠵᠠᠬ᠎ᠠ ᠵᠠᠬ᠎ᠠ᠎ᠠᠴᠠ᠎ᠨᠢ ᠢᠳᠭᠠᠵᠤ ᠭᠠᠷᠬᠤ᠎ᠳᠤ ᠬᠠᠮᠠᠷ ᠯᠣᠳᠤᠨ ᠳᠦᠯᠡᠢ ᠭᠣᠳᠤᠯᠢ᠎ᠶᠤᠮ᠎ᠰᠢᠭ᠋ ᠳᠠᠭᠤ᠎ᠦᠭᠡᠢ ᠥᠩᠭᠡᠷᠡᠭᠡᠨ᠎ᠡ᠃

ᠬᠠᠮᠤᠭ ᠰᠡᠭᠦᠯ᠎ᠳᠦᠨᠢ ᠬᠣᠰᠢᠭᠤᠨ ᠳᠠᠷᠤᠭ᠎ᠠ ᠪᠡᠶ᠎ᠡ᠎ᠪᠡᠷ᠎ᠢᠶᠡᠨ ᠮᠣᠷᠢᠯᠠᠵᠤ᠂ ᠬᠠᠮᠠᠷ ᠯᠣᠳᠤᠨ᠎ᠲᠠᠢ ᠠᠭᠤᠯᠵᠠᠭᠠᠳ᠂ ᠲᠡᠮᠳᠡᠭᠯᠡᠯ᠎ᠦᠨ ᠳᠡᠪᠲᠡᠷ ᠳᠡᠭᠡᠷ᠎ᠡ᠎ᠡᠴᠡ᠎ᠪᠡᠨ ᠨᠢᠭᠡ ᠪᠠᠳᠠᠭ ᠤᠩᠰᠢᠭᠠᠳ ᠬᠡᠳᠦᠨ ᠦᠭᠡ ᠬᠡᠯᠡᠪᠡ᠃ ᠤᠭ ᠦᠭᠡ᠎ᠶᠢ᠎ᠨᠢ ᠬᠠᠮᠠᠷ ᠯᠣᠳᠤᠨ ᠴᠡᠭᠡᠵᠢᠯᠡᠬᠦ ᠣᠢ ᠲᠣᠢ᠎ᠦᠭᠡᠢ᠃ ᠶᠠᠭᠤ᠎ᠴᠤ ᠭᠡᠰᠡᠨ ᠶᠠᠳᠠᠭᠤ ᠨᠢᠴᠦᠭᠦᠨ ᠬᠥᠮᠦᠨ ᠪᠣᠯ ᠬᠣᠭᠤᠰᠤᠨ ᠴᠠᠭᠠᠨ ᠴᠠᠭᠠᠰᠤ᠎ᠯᠠ᠎ᠶᠤᠮ ᠪᠠᠢᠨ᠎ᠠ᠃ ᠡᠢᠮᠦ ᠴᠠᠭᠠᠰᠤ ᠬᠠᠮᠤᠭ᠎ᠤᠨ ᠰᠢᠨ᠎ᠡ ᠬᠠᠮᠤᠭ᠎ᠤᠨ ᠰᠠᠢᠬᠠᠨ ᠵᠢᠷᠤᠭ᠎ᠢ ᠬᠢᠯᠪᠠᠷᠬᠠᠨ ᠵᠢᠷᠤᠵᠤ ᠪᠣᠯᠳᠠᠭ᠎ᠶᠤᠮ ᠪᠠᠢᠨ᠎ᠠ᠂ ᠬᠦᠢ᠂ ᠰᠢᠨ᠎ᠡ᠎ᠪᠡᠷ ᠰᠢᠷᠠᠭᠰᠠᠨ ᠠᠮᠪᠠᠨ᠎ᠴᠢᠨᠢ ᠨᠠᠳᠠ ᠨᠠᠳᠠ᠎ᠪᠠᠷ ᠨᠢᠭᠡ ᠵᠢᠷᠤᠭ᠎ᠤᠨ ᠬᠦᠳᠡᠬᠢᠲᠡᠢ ᠨᠣᠶᠠᠨᠲᠠᠨ ᠪᠠᠢᠨ᠎ᠠ ᠰᠢᠤ! ᠡᠢᠮᠦ ᠪᠠᠢᠮᠠᠭᠠᠢ ᠠᠮᠪᠠᠨ ᠵᠢᠷᠤ ᠭᠡᠵᠦ ᠪᠠᠢᠬᠤ᠎ᠶᠤᠮ᠎ᠴᠢᠨᠢ ᠳᠤᠭᠤᠢ᠎ᠯᠠ ᠵᠢᠷᠤᠶ᠎ᠠ᠂ ᠬᠠᠮᠠᠷ ᠪᠢ ᠶᠡᠷᠦ᠎ᠨᠢ ᠲᠡᠷᠡ ᠨᠢᠭᠡ ᠵᠢᠷᠤᠭ᠎ᠢ ᠭᠣᠷᠢᠯᠠᠭᠠᠳ ᠤᠳᠠᠭᠰᠠᠨ᠎ᠶᠤᠮ᠎ᠳᠠᠭ᠃᠎ᠦᠭᠡᠢ ᠴᠢᠩᠭᠢᠭᠡᠳ ᠬᠠᠮᠢᠭ᠎ᠠ᠎ᠪᠠᠨ ᠵᠢᠷᠤᠬᠤ ᠪᠢᠯᠡ? ᠠᠯᠠᠭᠠᠨ ᠳᠡᠭᠡᠷ᠎ᠡ᠎ᠪᠡᠨ ᠵᠢᠷᠤᠭᠠᠳ ᠪᠣᠯᠬᠤ᠎ᠦᠭᠡᠢ᠎ᠯᠠ᠎ᠳᠠ᠂ ᠠᠪᠳᠠᠷ᠎ᠠ ᠪᠠᠢᠬᠤ ᠬᠡᠷᠡᠭᠲᠡᠢ᠃ ᠠᠪᠳᠠᠷ᠎ᠠ᠎ᠨᠢ ᠵᠠᠯᠠᠨ ᠵᠠᠩᠭᠢ᠎ᠶᠢᠨ᠎ᠳᠤ᠎ᠯᠠ ᠦᠵᠡᠭᠳᠡᠳᠡᠭ ᠲᠡᠢᠮᠦ ᠠᠭᠠᠷᠤ ᠽᠠᠨᠳᠠᠨ ᠪᠠᠢᠬᠤ ᠶᠣᠰᠤᠲᠠᠢ! ᠠᠪᠳᠠᠷ᠎ᠠ᠎ᠶᠢᠨ ᠨᠢᠭᠤᠷ ᠳᠡᠭᠡᠷ᠎ᠡ᠎ᠨᠢ ᠡᠭᠡᠭᠡ᠎ᠯᠡ ᠵᠢᠭᠠᠬᠠᠨ ᠰᠦᠮ᠎ᠡ᠎ᠶᠢᠨ ᠪᠠᠭᠠᠨ᠎ᠠ ᠳᠡᠭᠡᠷ᠎ᠡ ᠣᠷᠢᠶᠠᠯᠳᠤᠭᠰᠠᠨ᠎ᠰᠢᠭ᠋ ᠠᠯᠲᠠᠨ ᠯᠤᠤ ᠲᠣᠭᠯᠠᠭᠰᠠᠨ ᠪᠠᠢᠬᠤ ᠬᠡᠷᠡᠭᠲᠡᠢ! ᠡᠢᠮᠦ ᠰᠠᠢᠬᠠᠨ ᠠᠪᠳᠠᠷ᠎ᠠ᠎ᠪᠠᠨ ᠡᠭᠦᠷᠦᠭᠡᠳ ᠶᠠᠪᠤᠵᠤ ᠪᠣᠯᠤᠨ᠎ᠠ᠎ᠤᠤ? ᠭᠡᠷ ᠪᠠᠢᠬᠤ ᠬᠡᠷᠡᠭᠲᠡᠢ᠃ ᠭᠡᠷ᠎ᠨᠢ ᠪᠠᠰᠠ᠎ᠴᠤ ᠰᠢᠨ᠎ᠡ ᠪᠥᠮᠪᠦᠭᠡᠷ ᠴᠠᠭᠠᠨ! ᠁ ᠵᠠ ᠵᠠ᠂ ᠶᠠᠭᠤᠮ᠎ᠠ᠎ᠦᠭᠡᠢ᠎ᠠᠴᠠ ᠶᠠᠭᠤᠮ᠎ᠠ᠎ᠲᠠᠢ᠎ᠨᠢ ᠳᠡᠭᠡᠷ᠎ᠡ᠂ ᠶᠠᠭᠤ ᠥᠭᠪᠡᠯ ᠲᠡᠭᠦᠨ᠎ᠢ᠎ᠨᠢ ᠠᠪᠤᠶ᠎ᠠ! ᠥᠭᠬᠦ ᠬᠥᠮᠦᠨ᠎ᠦ ᠥᠷᠦᠴᠡ᠎ᠨᠢ ᠲᠠᠲᠠᠯᠳᠤᠬᠤ᠎ᠦᠭᠡᠢ ᠪᠠᠢᠲᠠᠯ᠎ᠠ ᠠᠪᠬᠤ ᠪᠢ ᠠᠯᠠᠭ᠎ᠠ᠎ᠪᠠᠨ ᠲᠣᠰᠭᠤ᠎ᠠᠴᠠ ᠰᠢᠷᠭᠢᠬᠦ ᠶᠠᠭᠤ ᠪᠠᠢᠬᠤᠪ!

ᠬᠥᠮᠦᠨ᠎ᠰᠢᠭ ᠠᠮᠢᠳᠤᠷᠠᠬᠤ ᠬᠦᠰᠡᠯ ᠴᠢᠩᠭᠠᠷᠠᠭᠰᠠᠨ᠎ᠳᠤᠨᠢ ᠬᠣᠰᠢᠭᠤ ᠳᠠᠷᠤᠭ᠎ᠠ᠎ᠴᠤ ᠪᠠᠶᠠᠷᠯᠠᠭᠠᠳ:

《ᠯᠣᠳᠤᠨ ᠭᠤᠸᠠᠢ! ᠶᠠᠭᠤ ᠳᠤᠲᠠᠪᠠᠯ ᠡᠷᠡᠭᠡᠯᠡᠯ᠎ᠦᠭᠡᠢ ᠬᠡᠯᠡᠵᠦ᠎ᠯᠡ ᠪᠠᠢ! ᠠᠷᠠᠳ᠎ᠤᠨ ᠵᠠᠰᠠᠭ ᠠᠷᠠᠳ᠎ᠢᠶᠠᠨ ᠳᠡᠮᠵᠢᠨ᠎ᠡ》 ᠭᠡᠵᠦ ᠡᠨᠡᠷᠢᠩᠭᠦᠢ ᠮᠦᠰᠢᠶᠡᠵᠡᠢ᠃ ᠠ ᠳ᠋ᠠ᠂ ᠰᠢᠨ᠎ᠡ ᠴᠠᠭ᠎ᠤᠨ ᠠᠮᠪᠠᠨ ᠭᠡᠵᠦ᠎ᠴᠦ ᠪᠤᠷᠬᠠᠨ ᠭᠡᠮᠡᠷ᠎ᠶᠦᠮ ᠪᠠᠢᠨ᠎ᠠ ᠭᠡᠵᠦ ᠪᠣᠳᠤᠬᠤ᠎ᠲᠠᠢ ᠵᠡᠷᠭᠡ ᠬᠠᠮᠠᠷ ᠯᠣᠳᠤᠨ ᠬᠣᠰᠢᠭᠤ ᠳᠠᠷᠤᠭ᠎ᠠ᠎ᠶᠢᠨ ᠥᠯᠮᠡᠢ ᠳᠣᠣᠷ᠎ᠠ ᠰᠥᠭᠦᠳᠦᠭᠡᠳ ᠮᠥᠷᠭᠦᠴᠢᠬᠡᠮᠡᠷ ᠰᠠᠨᠠᠭᠳᠠᠨ᠎ᠠ᠃

ᠬᠠᠮᠠᠷ ᠯᠣᠳᠤᠨ ᠢᠩᠭᠢᠭᠡᠳ ᠭᠡᠷ ᠮᠠᠯ᠎ᠲᠠᠢ ᠪᠣᠯᠤᠯ᠎ᠠ᠃ ᠭᠠᠭᠴᠠ᠎ᠯᠠ ᠠᠯᠲᠠᠨ ᠯᠤᠤ ᠵᠢᠷᠤᠴᠢᠬᠠᠮᠠᠷ ᠠᠪᠳᠠᠷ᠎ᠠ ᠪᠠᠢᠬᠤ᠎ᠦᠭᠡᠢ᠎ᠳᠤᠨᠢ ᠮᠠᠨᠴᠤᠷᠭᠠᠨ ᠬᠠᠮᠠᠷ᠎ᠨᠢ ᠪᠠᠰᠠ᠎ᠯᠠ ᠴᠡᠨᠳᠡᠢᠪᠡ᠃ ᠡᠨᠡ ᠪᠠᠬᠠᠨ ᠮᠢᠯᠵᠠᠩ ᠭᠤᠳᠤᠷᠠᠢ᠎ᠪᠠᠷ ᠪᠢ ᠶᠠᠭᠤ᠎ᠪᠠᠨ ᠬᠢᠬᠦ ᠪᠤᠢ? ᠲᠡᠭᠡᠬᠦ᠎ᠶᠢᠨ ᠣᠷᠤᠨ᠎ᠳᠤ ᠨᠢᠭᠡ ᠠᠪᠳᠠᠷ᠎ᠠ᠎ᠴᠤ ᠥᠭᠭᠦᠭᠡᠰᠡᠢ᠂ ᠪᠣᠯᠬᠤ᠎ᠦᠭᠡᠢ᠎ᠨᠢ ᠶᠠᠭᠤ ᠪᠤᠢ?

ᠰᠢᠨ᠎ᠡ ᠠᠮᠪᠠᠨ ᠶᠠᠭᠤ ᠳᠤᠲᠠᠪᠠᠯ ᠡᠷᠡᠭᠡᠯᠡᠯ᠎ᠦᠭᠡᠢ ᠬᠡᠯᠡ ᠭᠡᠰᠡᠨ ᠪᠢᠰᠢ᠎ᠦᠦ? ᠳᠤᠭᠤᠢ᠎ᠯᠠ ᠣᠴᠢᠭᠠᠳ ᠨᠡᠬᠡᠶ᠎ᠡ! ᠭᠡᠳ ᠶᠠᠪᠤᠬᠤ᠎ᠪᠠᠷ ᠰᠢᠢᠳᠦᠭᠰᠡᠨ ᠪᠣᠯᠪᠠᠴᠤ ᠬᠣᠰᠢᠭᠤ ᠶᠠᠮᠤᠨ᠎ᠤ ᠴᠠᠯᠠᠢᠭᠰᠠᠨ ᠲᠣᠮᠤ ᠬᠠᠭᠠᠯᠭ᠎ᠠ᠎ᠶᠢ ᠪᠣᠳᠤᠮᠠᠭᠴᠠ ᠬᠠᠮᠤᠭ ᠪᠡᠶ᠎ᠡ᠎ᠨᠢ ᠠᠷᠵᠠᠰᠬᠢᠪᠠ᠃ ᠪᠣᠳᠤᠵᠤ ᠪᠣᠳᠤᠭᠠᠳ ᠰᠤᠷᠤᠭᠰᠠᠨ᠎ᠢᠶᠠᠷ᠎ᠢᠶᠠᠨ ᠡᠭᠦᠷ ᠠᠷᠪᠠᠨ᠎ᠢ ᠡᠷᠢᠵᠦ:

《ᠪᠠᠢᠳᠠᠭ ᠮᠠᠯ᠎ᠢ᠎ᠴᠢᠨᠢ ᠪᠤᠴᠠᠭᠠᠶ᠎ᠠ᠃ ᠪᠠᠯᠪᠠᠷᠬᠠᠢ᠎ᠴᠤ ᠶᠠᠭᠠᠬᠢᠬᠤᠪ᠂ ᠠᠪᠳᠠᠷ᠎ᠠ᠎ᠠᠴᠠ᠎ᠪᠠᠨ ᠢᠯᠡᠭᠦᠴᠢᠯᠡᠵᠦ ᠥᠭᠭᠦᠨ᠎ᠡ᠎ᠦᠦ》 ᠭᠡᠵᠦ ᠭᠠᠩᠰᠢᠭᠠᠳ ᠰᠠᠭᠤᠯᠭᠠᠬᠤ᠎ᠦᠭᠡᠢ ᠪᠣᠯᠭᠠᠪᠠ᠃

《ᠬᠠᠮᠢᠭ᠎ᠠ ᠪᠠᠢᠭᠰᠠᠨ ᠲᠡᠢᠮᠦ ᠪᠡᠯᠡᠨ ᠠᠪᠳᠠᠷ᠎ᠠ ᠪᠤᠢ?》 ᠭᠡᠵᠦ ᠠᠷᠪᠠᠨ᠎ᠤ ᠳ᠋ᠠ ᠤᠴᠠᠭᠠᠷᠯᠠᠵᠤ ᠭᠠᠷᠬᠤ᠎ᠳᠤ᠂ ᠬᠠᠮᠠᠷ ᠯᠣᠳᠤᠨ᠎ᠤ ᠮᠠᠨᠴᠤᠷᠭᠠᠨ ᠬᠠᠮᠠᠷ᠎ᠨᠢ ᠵᠡᠰ ᠤᠯᠠᠭᠠᠨ ᠪᠣᠯᠲᠠᠯ᠎ᠠ ᠴᠡᠨᠳᠡᠢᠭᠡᠳ:

《ᠪᠢ ᠲᠡᠭᠡᠪᠡᠯ ᠠᠮᠪᠠᠨ᠎ᠳᠤ ᠵᠠᠷᠭᠤᠯᠳᠤᠨ᠎ᠠ》 ᠭᠡᠵᠦ ᠡᠪᠴᠢᠭᠦᠦ ᠳᠡᠯᠡᠳᠬᠦ ᠰᠢᠬᠠᠵᠠᠢ᠃

ᠴᠣᠬᠤᠮ 《ᠠᠮᠪᠠᠨ》᠎ᠡᠴᠡ ᠠᠶᠤᠭᠰᠠᠨ᠎ᠳᠠᠭᠠᠨ᠎ᠤᠤ? ᠯᠣᠳᠤᠨ᠎ᠢ ᠬᠥᠬᠡᠷᠦᠭᠦᠢᠯᠡᠭᠰᠡᠨ᠎ᠳᠡᠭᠡᠨ᠎ᠦᠦ? ᠡᠭᠦᠷ ᠠᠷᠪᠠᠨ᠎ᠠᠴᠠ ᠰᠤᠮᠤᠨ᠎ᠳᠤ ᠮᠡᠳᠡᠭᠦᠯᠵᠦ᠂ ᠰᠤᠮᠤᠨ᠎ᠠᠴᠠ ᠬᠣᠰᠢᠭᠤ᠎ᠳᠤ ᠮᠡᠳᠡᠭᠦᠯᠵᠡᠢ᠃ ᠳᠡᠮᠡᠢ ᠬᠡᠳᠦ ᠬᠣᠨᠤᠭᠰᠠᠨ᠎ᠦᠭᠡᠢ ᠬᠠᠮᠠᠷ ᠯᠣᠳᠤᠨ᠎ᠤ ᠰᠠᠨᠠᠭ᠎ᠠ᠎ᠪᠠᠷ ᠬᠣᠶᠠᠷ ᠬᠡᠰᠡᠭ ᠰᠥᠭᠦᠮ ᠵᠤᠵᠠᠭᠠᠨ ᠠᠭᠠᠷᠤ ᠬᠠᠪᠲᠠᠰᠤ ᠬᠦᠷᠦᠭᠡᠳ ᠢᠷᠡᠪᠡ᠃ ᠡᠨᠡ᠎ᠨᠢ ᠲᠡᠭᠦᠨ᠎ᠦ ᠬᠣᠰᠢᠭᠤ ᠶᠠᠮᠤᠨ᠎ᠠᠴᠠ ᠣᠷᠭᠤᠵᠤ ᠪᠣᠰᠬᠤ᠎ᠳᠠᠭᠠᠨ ᠳᠤᠲᠠᠭᠤ ᠵᠦᠰᠦᠭᠡᠳ ᠬᠠᠶᠠᠭᠰᠠᠨ ᠠᠭᠠᠷᠤ ᠪᠠᠢᠭᠰᠠᠨ ᠲᠤᠯᠠ ᠬᠠᠮᠠᠷ ᠯᠣᠳᠤᠨ ᠬᠠᠭᠠᠷᠠᠲᠠᠯ᠎ᠠ ᠪᠠᠶᠠᠷᠯᠠᠭᠰᠠᠨ᠎ᠨᠢ ᠭᠠᠷᠴᠠᠭ᠎ᠠ᠎ᠦᠭᠡᠢ᠃ 《ᠲᠡᠳᠭᠦᠬᠦ᠎ᠪᠡᠷ ᠪᠡᠯᠡᠳᠭᠡᠵᠦ ᠪᠠᠢᠭᠰᠠᠨ ᠤᠰᠤᠨ᠎ᠤ ᠬᠠᠰᠠᠭ᠎ᠢ᠎ᠴᠢᠨᠢ ᠥᠭᠬᠦ᠎ᠦᠭᠡᠢ᠎ᠳᠦ ᠪᠣᠯᠤᠨ᠎ᠠ ᠪᠢᠵᠡ?》 ᠭᠡᠵᠦ ᠠᠷᠪᠠᠨ᠎ᠤ ᠳ᠋ᠠ ᠰᠠᠨᠠᠯ ᠠᠰᠠᠭᠤᠬᠤ᠎ᠳᠤ ᠬᠠᠮᠠᠷ ᠯᠣᠳᠤᠨ : 《ᠳᠤᠷᠠᠲᠠᠢ ᠳᠤᠷᠠᠲᠠᠢ! ᠠᠷᠪᠠᠨ ᠭᠠᠵᠠᠷ᠎ᠠᠴᠠ ᠤᠰᠤ᠎ᠪᠠᠨ ᠳᠠᠮᠨᠠᠵᠤ ᠢᠳᠡᠭᠰᠡᠨ᠎ᠴᠦ ᠠᠮᠪᠠᠨ ᠨᠣᠶᠠᠨᠲᠠᠨ᠎ᠳᠠᠭᠠᠨ ᠪᠢ ᠭᠣᠮᠤᠳᠠᠬᠤ᠎ᠦᠭᠡᠢ》 ᠭᠡᠵᠦ ᠭᠡᠨ᠎ᠡ᠃

ᠡᠳᠦᠷ ᠰᠥᠨᠢ᠎ᠦᠭᠡᠢ ᠱᠤᠤᠭᠢᠨᠠᠵᠤ ᠪᠠᠢᠭᠠᠳ ᠬᠠᠮᠠᠷ ᠯᠣᠳᠤᠨ ᠬᠠᠩᠬᠠᠭᠠᠷ ᠪᠡᠬᠢᠯᠢᠭ ᠵᠦᠢᠷᠡᠢ ᠠᠪᠳᠠᠷ᠎ᠠ ᠵᠠᠭᠠᠳᠠᠰᠤᠯᠠᠵᠤ ᠭᠠᠷᠭᠠᠵᠠᠢ᠃ ᠬᠠᠪᠢ ᠲᠥᠰᠦᠷ᠎ᠲᠦ ᠬᠢᠯᠠᠷ ᠳᠠᠮᠪᠢ᠎ᠠᠴᠠ ᠥᠭᠡᠷ᠎ᠡ ᠵᠢᠷᠤᠭᠴᠢᠨ ᠭᠡᠵᠦ ᠪᠠᠢᠬᠤ᠎ᠦᠭᠡᠢ᠃ ᠠᠪᠳᠠᠷ᠎ᠠ᠎ᠪᠠᠨ ᠰᠢᠷᠳᠡᠵᠦ ᠯᠤᠤ ᠵᠢᠷᠤᠭᠤᠯᠤᠶ᠎ᠠ ᠭᠡᠪᠡᠯ ᠲᠡᠭᠦᠨ᠎ᠢ᠎ᠯᠡ ᠵᠠᠯᠠᠬᠤ ᠬᠡᠷᠡᠭᠲᠡᠢ᠃ ᠭᠡᠲᠡᠯ᠎ᠡ ᠬᠠᠮᠠᠷ ᠯᠣᠳᠤᠨ᠎ᠤ ᠬᠠᠮᠤᠭ ᠪᠡᠶ᠎ᠡ ᠳᠠᠭᠵᠢᠵᠤ ᠠᠪᠤᠪᠠ᠃

ᠤᠤᠯ᠎ᠨᠢ ᠭᠠᠩ ᠵᠢᠯ ᠨᠠᠮᠵᠢᠯ ᠵᠠᠯᠠᠨ ᠪᠤᠶᠠᠨ ᠦᠢᠯᠡᠳᠴᠦ᠂ ᠰᠦᠷᠦᠭ ᠠᠳᠤᠭᠤ᠎ᠪᠠᠷ ᠨᠠᠷᠠᠲᠤ᠎ᠶᠢᠨ ᠭᠡᠭᠡᠨ᠎ᠳᠦ ᠥᠭᠯᠢᠭᠡ ᠡᠷᠭᠦᠭᠡᠳ᠂ ᠵᠢᠭᠠᠬᠠᠨ ᠰᠦᠮ᠎ᠡ᠎ᠶᠢ ᠪᠠᠷᠢᠭᠤᠯᠤᠭᠰᠠᠨ ᠦᠶ᠎ᠡ᠎ᠶᠢᠨ ᠬᠡᠷᠡᠭ ᠪᠢᠯᠡ᠃ ᠬᠠᠮᠠᠷ ᠯᠣᠳᠤᠨ ᠨᠢᠷᠤᠭᠤ ᠠᠮᠠᠯᠠᠬᠤ ᠠᠯᠪᠠ᠎ᠪᠠᠷ ᠪᠠᠷᠢᠯᠭ᠎ᠠ᠎ᠳᠤ ᠣᠷᠤᠯᠴᠠᠭᠠᠳ ᠰᠡᠭᠦᠯ ᠬᠤᠷᠢᠶᠠᠬᠤ ᠦᠶ᠎ᠡ᠎ᠪᠡᠷ ᠬᠢᠬᠦ ᠠᠵᠢᠯ᠎ᠦᠭᠡᠢ ᠬᠠᠨᠴᠤᠢ ᠰᠠᠵᠢᠳᠠᠭ ᠪᠣᠯᠵᠠᠢ᠃ ᠨᠢᠭᠡ ᠡᠳᠦᠷ ᠭᠡᠶᠦᠷᠡᠵᠦ ᠶᠠᠪᠤᠭᠰᠠᠭᠠᠷ ᠰᠦᠮ᠎ᠡ᠎ᠶᠢᠨ ᠤᠯᠠᠭᠠᠨ ᠪᠠᠭᠠᠨ᠎ᠠ ᠳᠡᠭᠡᠷ᠎ᠡ ᠠᠯᠲᠠᠨ ᠯᠤᠤ ᠠᠮᠢᠯᠠᠲᠠᠯ᠎ᠠ ᠣᠷᠢᠶᠠᠯᠳᠤᠭᠤᠯᠵᠤ ᠪᠠᠢᠭᠰᠠᠨ ᠵᠢᠷᠤᠭᠴᠢᠨ ᠡᠪᠦᠭᠡᠨ ᠬᠢᠯᠠᠷ ᠳᠠᠮᠪᠢ᠎ᠲᠠᠢ ᠲᠠᠭᠠᠷᠠᠯᠳᠤᠪᠠ᠃ ᠬᠥᠬᠦᠷ ᠰᠣᠯᠢᠯᠴᠠᠨ ᠲᠠᠮᠠᠬᠢ ᠲᠠᠲᠠᠵᠤ ᠰᠠᠭᠤᠬᠤ᠎ᠳᠠᠭᠠᠨ ᠬᠢᠯᠠᠷ ᠳᠠᠮᠪᠢ : 《ᠯᠤᠤ ᠪᠣᠯ ᠬᠤᠷᠮᠤᠰᠲᠠ᠎ᠶᠢᠨ ᠲᠥᠷᠦᠯ》 ᠭᠡᠵᠦ ᠮᠡᠷᠭᠡᠯᠡᠨ 《ᠯᠤᠤ᠎ᠲᠠᠢ ᠬᠠᠨᠢᠯᠠᠪᠠᠯ ᠥᠭᠡᠳᠡᠯᠡᠵᠦ᠂ ᠭᠤᠤ᠎ᠲᠠᠢ ᠬᠠᠨᠢᠯᠠᠪᠠᠯ ᠪᠤᠯᠠᠭᠳᠠᠨ᠎ᠠ》 ᠭᠡᠵᠦ ᠪᠢᠰᠢᠷᠡᠵᠦ ᠭᠠᠢᠬᠠᠲᠠᠯ᠎ᠠ᠎ᠨᠢ ᠠᠢᠯᠠᠳᠴᠠᠢ᠃ ᠬᠠᠮᠠᠷ ᠯᠣᠳᠤᠨ᠎ᠤ ᠴᠢᠬᠢ᠎ᠨᠢ ᠴᠢᠩᠨᠠᠵᠤ ᠪᠠᠢᠪᠠᠴᠤ ᠨᠢᠳᠦ᠎ᠨᠢ ᠬᠠᠷᠢᠨ ᠪᠤᠳᠤᠭ᠎ᠤᠨ ᠬᠠᠢᠷᠴᠠᠭ᠎ᠲᠠᠬᠢ ᠠᠯᠲᠠᠨ ᠨᠤᠨᠲᠠᠭ ᠳᠡᠭᠡᠷ᠎ᠡ ᠲᠣᠭᠲᠠᠭᠠᠳ ᠬᠣᠷᠤᠬᠠᠢ᠎ᠨᠢ ᠬᠡᠴᠡᠭᠦᠦ ᠭᠣᠪᠤᠭᠤᠨᠠᠪᠠ᠃ ᠠᠶᠠᠷᠯᠠᠵᠤ ᠪᠣᠰᠬᠤ᠎ᠳᠠᠭᠠᠨ ᠬᠢᠯᠠᠷ ᠳᠠᠮᠪᠢ᠎ᠶᠢᠨ ᠪᠠᠭᠠᠨ᠎ᠠ᠎ᠲᠠᠢ᠎ᠪᠠᠨ ᠨᠣᠴᠤᠯᠳᠤᠵᠤ ᠲᠠᠰᠢᠷᠠᠮ᠎ᠢ ᠵᠠᠪᠳᠤᠵᠤ᠂ ᠠᠯᠲᠠᠨ ᠨᠤᠨᠲᠠᠭ᠎ᠠᠴᠠ᠎ᠨᠢ ᠠᠳᠭᠤ ᠪᠢᠲᠡᠭᠦᠯᠡᠭᠡᠳ ᠬᠡ᠎ᠴᠦ᠎ᠦᠭᠡᠢ ᠰᠠᠵᠢᠯᠠᠵᠤ ᠣᠳᠴᠠᠢ᠃ ᠭᠡᠪᠡᠴᠦ ᠬᠣᠵᠢᠮ ᠡᠨᠡ᠎ᠨᠢ ᠵᠢᠩᠬᠢᠨᠢ ᠠᠯᠲᠠ ᠪᠢᠰᠢ ᠭᠡᠳᠡᠭ᠎ᠢ ᠮᠠᠢᠮᠠᠢᠴᠢᠨ᠎ᠠᠴᠠ ᠮᠡᠳᠡᠵᠦ᠂ ᠡᠵᠡᠨ᠎ᠳᠦᠨᠢ ᠪᠤᠴᠠᠭᠠᠬᠤ᠎ᠶᠢ ᠪᠣᠳᠤᠭᠰᠠᠨ ᠪᠣᠯᠪᠠᠴᠤ ᠠᠷᠠᠢ ᠵᠣᠷᠢᠭ ᠬᠦᠷᠦᠭᠰᠡᠨ᠎ᠦᠭᠡᠢ᠃ ᠰᠣᠨᠢᠨ ᠵᠢᠭᠲᠡᠢ᠎ᠨᠢ ᠬᠠᠷᠢᠨ ᠬᠠᠮᠠᠷ ᠯᠣᠳᠤᠨ ᠬᠢᠯᠠᠷ ᠳᠠᠮᠪᠢ᠎ᠶᠢᠨ ᠵᠢᠷᠤᠭᠰᠠᠨ᠎ᠲᠠᠢ ᠡᠭᠡᠭᠡ ᠠᠳᠠᠯᠢ ᠠᠯᠲᠠᠨ ᠯᠤᠤ᠎ᠲᠠᠢ ᠵᠡᠭᠦᠳᠦ᠎ᠪᠡᠷ᠎ᠢᠶᠡᠨ ᠬᠡᠳᠦ ᠳᠠᠭᠠᠷᠢᠯᠳᠤᠪᠠ᠃ ᠲᠡᠭᠡᠭᠡᠳ ᠪᠡᠯᠭᠡ ᠳᠡᠮᠪᠡᠷᠢᠯ ᠪᠣᠯᠬᠤ᠎ᠴᠤ ᠮᠠᠭᠠᠳ ᠭᠡᠵᠦ ᠪᠣᠳᠤᠭᠠᠳ ᠣᠯᠵᠠᠯᠠᠭᠰᠠᠨ ᠵᠢᠭᠠᠬᠠᠨ ᠠᠯᠲᠠᠨ ᠪᠤᠳᠤᠭ᠎ᠢᠶᠠᠷ᠎ᠢᠶᠠᠨ ᠯᠤᠤ ᠵᠢᠷᠤᠭᠤᠯᠵᠤ ᠠᠪᠬᠤ᠎ᠶᠢ ᠰᠠᠨᠠᠭᠠᠷᠬᠠᠭᠠᠳ ᠤᠳᠠᠭᠰᠠᠨ ᠪᠠᠢᠵᠠᠢ᠃

ᠣᠳᠣ ᠢᠩᠭᠢᠵᠦ ᠰᠠᠢᠨ ᠰᠠᠢᠬᠠᠨ ᠠᠮᠢᠳᠤᠷᠠᠬᠤ ᠪᠣᠯᠤᠭᠰᠠᠨ᠎ᠨᠢ ᠠᠯᠲᠠᠨ ᠯᠤᠤ ᠵᠡᠭᠦᠳᠦᠨ᠎ᠳᠦ ᠵᠠᠶᠠᠭᠠᠭᠰᠠᠨ᠎ᠤ ᠰᠠᠢᠨ ᠪᠢᠵᠡ? ᠬᠡᠷᠪᠡ ᠠᠯᠲᠠᠨ ᠯᠤᠤ᠎ᠶᠢ ᠭᠡᠷ᠎ᠲᠡᠭᠡᠨ ᠲᠣᠭᠯᠠᠭᠤᠯᠴᠢᠬᠠᠪᠠᠯ ᠮᠥᠩᠬᠡ᠎ᠶᠢᠨ ᠢᠷᠦᠭᠡᠯ ᠲᠣᠭᠲᠠᠴᠢᠬᠠᠬᠤ ᠪᠢᠰᠢ᠎ᠦᠦ? ᠁

ᠬᠠᠮᠠᠷ ᠯᠣᠳᠤᠨ ᠴᠤᠯᠭᠤᠢ ᠠᠪᠳᠠᠷ᠎ᠠ᠎ᠪᠠᠨ ᠰᠠᠬᠢᠭᠠᠳ ᠳ᠋ᠡᠩ ᠳ᠋ᠦᠩ᠎ᠲᠡᠢ ᠬᠡᠳᠦ ᠬᠣᠨᠤᠪᠠ᠃ ᠬᠠᠮᠢᠭᠠᠰᠢ᠎ᠪᠠᠨ ᠪᠣᠳᠤᠭᠰᠠᠨ᠎ᠴᠤ ᠬᠠᠩᠰᠢ᠎ᠨᠢ ᠨᠢᠭᠡ᠎ᠯᠡ᠂ ᠰᠢᠨ᠎ᠡ ᠨᠡᠢᠭᠡᠮ᠎ᠳᠦ ᠮᠠᠭᠤ᠎ᠪᠠᠨ ᠲᠣᠭᠠᠴᠢᠬᠤ᠎ᠨᠢ ᠢᠷᠠᠭᠤ ᠠᠯᠳᠠᠷ ᠡ᠃ ᠬᠠᠨ᠎ᠠ᠎ᠶᠢᠨ ᠨᠢᠳᠦᠨ᠎ᠳᠦ ᠬᠠᠪᠴᠢᠭᠤᠯᠤᠭᠰᠠᠨ ᠴᠠᠭᠠᠰᠤᠨ ᠪᠣᠭᠤᠯᠲᠠ᠎ᠪᠠᠨ ᠠᠪᠴᠤ ᠡᠪᠦᠷᠯᠡᠭᠡᠳ ᠬᠢᠯᠠᠷ ᠳᠠᠮᠪᠢ᠎ᠶᠢ ᠡᠷᠢᠨ ᠭᠡᠮᠰᠢᠯ᠎ᠢᠶᠡᠨ ᠲᠣᠭᠠᠴᠢᠭᠰᠠᠨ᠎ᠳᠤ ᠠᠯᠲᠠᠨ ᠪᠤᠳᠤᠭ ᠴᠤᠬᠠᠭ᠎ᠲᠠᠭᠠᠨ ᠪᠣᠯᠪᠠ᠎ᠤᠤ? ᠠᠰᠪᠤᠷᠢ ᠯᠣᠳᠤᠨ᠎ᠤ ᠬᠥᠭᠡᠷᠦᠬᠦᠢᠯᠡᠯᠲᠡᠢ᠎ᠡᠴᠡ ᠪᠣᠯᠪᠠ᠎ᠤᠤ? ᠬᠢᠯᠠᠷ ᠳᠠᠮᠪᠢ ᠭᠢᠳ ᠭᠢᠳ ᠢᠨᠢᠶᠡᠵᠦ ᠬᠠᠮᠠᠷ ᠲᠠᠮᠠᠬᠢ᠎ᠠᠴᠠ᠎ᠪᠠᠨ ᠬᠡᠳᠦ ᠲᠠᠲᠠᠭᠤᠯᠤᠭᠰᠠᠨ ᠪᠥᠭᠡᠳ ᠬᠠᠮᠢᠭ᠎ᠠ ᠪᠠᠢᠭᠰᠠᠨ ᠭᠠᠵᠠᠷ᠎ᠠᠴᠠ ᠬᠠᠢᠪᠠᠭᠠᠨᠠᠨ ᠢᠷᠡᠵᠦ᠂ ᠠᠪᠳᠠᠷ᠎ᠠ᠎ᠶᠢ᠎ᠨᠢ ᠶᠠᠭᠤᠮ᠎ᠠ ᠪᠣᠯᠭᠠᠵᠤ ᠥᠭᠴᠡᠢ᠃

ᠤᠭᠤᠷᠠᠭ᠎ᠤᠨ ᠰᠢᠷ᠎ᠠ ᠳᠡᠪᠢᠰᠭᠡᠷ ᠳᠡᠭᠡᠷ᠎ᠡ ᠠᠯᠲᠠᠨ ᠯᠤᠤ ᠭᠠᠯ ᠪᠥᠮᠪᠦᠭᠡ᠎ᠪᠡᠷ ᠲᠣᠭᠯᠠᠵᠤ᠂ ᠡᠭᠦᠯᠡᠨ ᠤᠭᠠᠯᠵᠠ ᠳᠥᠷᠪᠡᠨ ᠥᠨᠴᠦᠭ᠎ᠲᠦ ᠦᠵᠡᠮᠵᠢ ᠪᠦᠷᠢᠯᠳᠦᠭᠦᠯᠦᠭᠡᠳ᠂ ᠥᠩᠭᠡ ᠠᠯᠠᠭᠯᠠᠭᠰᠠᠨ ᠠᠯᠤᠬᠠᠨ ᠬᠡ ᠬᠥᠪᠡᠭᠡ ᠳᠠᠷᠤᠨ᠎ᠠ᠃ ᠡᠨᠡ᠎ᠨᠢ ᠬᠠᠮᠠᠷ ᠯᠣᠳᠤᠨ᠎ᠤ ᠰᠠᠨᠠᠵᠤ ᠬᠦᠰᠡᠭᠰᠡᠨ᠎ᠡᠴᠡ ᠬᠣᠯᠠ ᠳᠠᠪᠠᠵᠤ᠂ ᠤᠷᠢᠳᠤ ᠨᠠᠮᠵᠢᠯ ᠵᠠᠯᠠᠨ᠎ᠤ᠎ᠳᠤ᠎ᠴᠤ ᠡᠢᠮᠦ ᠭᠣᠢᠲᠠ ᠰᠠᠢᠬᠠᠨ ᠠᠪᠳᠠᠷ᠎ᠠ ᠬᠠᠷᠠᠭᠳᠠᠭ᠎ᠠ᠎ᠦᠭᠡᠢ ᠲᠤᠯᠠ ᠬᠥᠯ᠎ᠨᠢ ᠭᠠᠵᠠᠷ ᠬᠦᠷᠬᠦ᠎ᠦᠭᠡᠢ ᠬᠥᠭᠰᠡᠵᠦ᠂ ᠠᠮᠠ᠎ᠨᠢ ᠬᠠᠮᠬᠢᠵᠤ ᠵᠠᠪᠳᠤᠯ᠎ᠦᠭᠡᠢ ᠱᠠᠭᠰᠢᠭᠠᠳ᠂ ᠬᠠᠳᠠᠭ ᠰᠠᠮᠪᠠᠢ᠎ᠶᠢᠨ ᠳᠡᠭᠡᠷ᠎ᠡ ᠭᠥᠷᠦᠨ᠎ᠳᠦ ᠨᠡᠷᠡᠲᠡᠢ 《ᠸᠠᠨ ᠬᠤᠸᠠᠨ ᠯᠦ》 ᠲᠠᠮᠠᠬᠢ ᠲᠠᠯᠪᠢᠵᠤ ᠬᠢᠯᠠᠷ ᠳᠠᠮᠪᠢ᠎ᠳᠤ ᠲᠠᠯᠠᠷᠬᠠᠵᠤ ᠪᠠᠷᠢᠭᠠᠳ ᠦᠳᠡᠵᠦ ᠬᠦᠷᠭᠡᠭᠰᠡᠨ᠎ᠨᠢ ᠭᠠᠷᠴᠠᠭ᠎ᠠ᠎ᠦᠭᠡᠢ᠃

ᠡᠪ ᠬᠠᠮᠲᠤ᠎ᠶᠢᠨ ᠪᠤᠳᠠᠭ᠎ᠠ ᠭᠡᠳᠡᠭ᠎ᠴᠢᠨᠢ ᠢᠳᠡᠳᠡᠭ᠎ᠯᠡ ᠬᠣᠭᠤᠯᠠ ᠪᠠᠢᠨ᠎ᠠ!

ᠬᠠᠮᠠᠷ ᠯᠣᠳᠤᠨ᠎ᠤ ᠪᠥᠮᠪᠦᠭᠡᠷ ᠴᠠᠭᠠᠨ ᠭᠡᠷ᠎ᠲᠦ ᠶᠣᠰᠤᠲᠠᠢ ᠴᠢᠮᠡᠭ ᠰᠦᠷ ᠨᠡᠮᠡᠭᠳᠡᠵᠦ᠂ ᠯᠤᠤ᠎ᠶᠢᠨ ᠬᠡ᠎ᠲᠡᠢ ᠠᠪᠳᠠᠷ᠎ᠠ᠎ᠨᠢ ᠰᠢᠨ᠎ᠡ ᠠᠮᠢᠳᠤᠷᠠᠯ᠎ᠤᠨ ᠪᠡᠯᠭᠡ ᠲᠡᠮᠳᠡᠭ ᠪᠣᠯᠤᠭᠠᠳ᠂ ᠬᠠᠪᠢ ᠲᠥᠰᠦᠷ᠎ᠢ ᠳᠦᠷᠭᠢᠭᠦᠯᠵᠡᠢ᠃ ᠨᠡᠢᠭᠡᠮ ᠵᠢᠷᠤᠮ᠎ᠤᠨ ᠰᠠᠢᠨ ᠰᠠᠢᠬᠠᠨ ᠡᠭᠡᠭᠡ᠎ᠯᠡ ᠭᠠᠭᠴᠠᠬᠠᠨ ᠬᠠᠮᠠᠷ ᠯᠣᠳᠤᠨ᠎ᠤ᠎ᠳᠤ᠎ᠯᠠ ᠲᠥᠪᠯᠡᠷᠡᠭᠰᠡᠨ᠎ᠶᠦᠮ᠎ᠰᠢᠭ ᠰᠣᠨᠢᠭᠤᠴᠢᠷᠬᠠᠨ ᠱᠠᠭᠰᠢᠯᠳᠤᠨ᠎ᠠ᠃ ᠢᠩᠭᠢᠬᠦ ᠲᠤᠰᠤᠮ ᠬᠠᠮᠠᠷ ᠯᠣᠳᠤᠨ ᠠᠪᠳᠠᠷ᠎ᠠ᠎ᠪᠠᠨ ᠠᠮᠢ᠎ᠲᠠᠢ᠎ᠪᠠᠨ ᠬᠣᠯᠪᠤᠵᠤ᠂ ᠡᠳᠦᠷ᠎ᠦᠨ ᠠᠷᠪᠠᠨ ᠭᠤᠷᠪᠠ ᠵᠦᠯᠭᠦᠵᠦ ᠠᠷᠴᠢᠭᠠᠳ᠂ ᠬᠡᠨ᠎ᠦ ᠠᠢᠯ᠎ᠤᠨ ᠳᠡᠭᠵᠢᠨ ᠰᠢᠷ᠎ᠠ᠎ᠨᠢ ᠬᠡᠷᠪᠡ ᠬᠢᠮᠤᠰᠤᠯᠠᠵᠤ ᠨᠢᠰᠠᠯᠪᠠᠯ᠂ ᠮᠠᠨᠴᠤᠷᠭᠠᠨ ᠬᠠᠮᠠᠷ᠎ᠢᠶᠠᠨ ᠵᠡᠰ ᠤᠯᠠᠭᠠᠨ ᠪᠣᠯᠲᠠᠯ᠎ᠠ ᠴᠡᠨᠳᠡᠢᠯᠭᠡᠭᠡᠳ ᠨᠠᠷᠢᠨ ᠪᠤᠷᠭᠠᠰᠤ᠎ᠪᠠᠷ ᠰᠢᠪᠠᠭᠳᠠᠵᠤ ᠭᠠᠷᠭᠠᠳᠠᠭ ᠪᠣᠯᠵᠠᠢ᠃

ᠵᠡᠭᠦᠨ ᠭᠡᠷ᠎ᠦᠨ ᠮᠡᠩᠭᠡᠲᠦ᠎ᠶᠢᠨ ᠬᠦᠦ᠎ᠶᠢ ᠬᠠᠮᠠᠷ ᠯᠣᠳᠤᠨ ᠴᠠᠭᠠᠨ᠎ᠠ᠎ᠠᠴᠠ᠎ᠪᠠᠨ ᠠᠳᠠᠯᠠᠵᠤ ᠵᠢᠭᠰᠢᠭᠡᠳ᠂ ᠳᠡᠯᠳᠡᠩ ᠴᠢᠬᠢ᠎ᠶᠢ᠎ᠨᠢ ᠤᠷᠠᠭᠳᠠᠵᠤ ᠰᠤᠨᠲᠠᠯ᠎ᠠ ᠮᠤᠰᠭᠢᠵᠤ ᠴᠢᠩᠭᠠᠭᠠᠭᠠᠳ ᠴᠢᠷᠴᠦ ᠭᠠᠷᠭᠠᠭᠰᠠᠨ ᠤᠳᠠᠭ᠎ᠠ ᠪᠤᠢ᠃

ᠬᠠᠶᠠ ᠵᠠᠷᠢᠮ ᠦᠶ᠎ᠡ᠎ᠶᠢᠨ ᠠᠨᠳᠠ᠎ᠨᠢ ᠬᠠᠮᠠᠷ ᠯᠣᠳᠤᠨ᠎ᠤ᠎ᠳᠤ ᠣᠷᠤᠭᠠᠳ ᠭᠠᠷᠬᠤ ᠳᠠᠭᠠᠨ᠎ᠴᠤ ᠠᠪᠳᠠᠷ᠎ᠠ᠎ᠶᠢ᠎ᠨᠢ ᠨᠢᠭᠡ ᠰᠢᠷᠪᠢᠵᠦ᠂ ᠡᠵᠡᠨ᠎ᠢ᠎ᠨᠢ ᠨᠢᠭᠡ ᠶᠣᠪᠤᠷᠤᠭᠠᠳ:

《ᠮᠠᠨ᠎ᠤ ᠬᠠᠮᠠᠷ᠎ᠤᠨ ᠭᠡᠷ ᠶᠣᠰᠤᠲᠠᠢ ᠬᠥᠳᠡᠭᠡ᠎ᠳᠡᠭᠡᠨ ᠳ᠋ᠧᠪᠠᠵᠠᠨ ᠪᠠᠢᠨ᠎ᠠ᠎ᠳᠠ᠃ 〈ᠰᠠᠢᠨ ᠡᠮᠡᠭᠡᠯ ᠠᠭᠲᠠ᠎ᠶᠢᠨ ᠴᠢᠮᠡᠭ᠂ ᠰᠠᠢᠬᠠᠨ ᠪᠦᠰᠡᠭᠦᠢ ᠭᠡᠷ᠎ᠦᠨ ᠴᠢᠮᠡᠭ〉 ᠭᠡᠳᠡᠭ᠎ᠢᠶᠡᠷ ᠵᠠᠯᠠᠭᠤ ᠴᠢᠪᠠᠭᠠᠨᠴᠠ᠎ᠪᠠᠨ ᠬᠣᠢᠮᠤᠷ᠎ᠲᠠᠭᠠᠨ ᠵᠠᠯᠠᠬᠤ᠎ᠯᠠ ᠳᠤᠲᠠᠵᠤ ᠪᠠᠢᠨ᠎ᠠ ᠰᠢᠤ!》 ᠭᠡᠵᠦ ᠱᠣᠣᠯᠠᠵᠤ ᠭᠠᠷᠳᠠᠭ᠎ᠢ ᠶᠠᠭᠠᠬᠢᠨ᠎ᠠ᠃

ᠬᠠᠮᠠᠷ ᠯᠣᠳᠤᠨ ᠭᠤᠴᠢ᠎ᠶᠢ ᠰᠢᠭᠦᠷᠡᠵᠦ ᠶᠠᠪᠤᠭ᠎ᠠ ᠵᠠᠯᠠᠭᠤ ᠲᠤᠯᠠ ᠬᠡᠳᠦᠨ ᠵᠢᠯ᠎ᠦᠨ ᠡᠮᠦᠨ᠎ᠡ᠎ᠡᠴᠡ ᠠᠪᠤᠭᠠᠳ ᠠᠷᠤ᠎ᠳᠠᠬᠢ ᠵᠠᠯᠠᠭᠤ ᠴᠢᠪᠠᠭᠠᠨᠴᠠ ᠵᠠᠭᠷᠠᠢᠮ᠎ᠠ᠎ᠲᠠᠢ ᠨᠠᠰᠢ ᠴᠠᠰᠢ ᠶᠠᠪᠤᠯᠴᠠᠵᠤ ᠢᠷᠡᠭᠰᠡᠨ᠎ᠨᠢ ᠦᠨᠡᠨ᠃ ᠡᠷᠬᠡ ᠴᠢᠯᠦᠭᠡ᠎ᠲᠡᠢ ᠴᠡᠭᠡᠵᠢ ᠲᠡᠨᠢᠭᠦᠨ ᠠᠮᠢᠳᠤᠷᠠᠬᠤ ᠪᠣᠯᠤᠭᠰᠠᠨ᠎ᠳᠠᠭᠠᠨ ᠵᠠᠭᠷᠠᠢᠮ᠎ᠠ᠎ᠪᠠᠨ ᠭᠡᠷ᠎ᠦᠨ ᠴᠢᠮᠡᠭ᠎ᠢᠶᠡᠷ ᠵᠠᠯᠠᠬᠤ᠎ᠶᠢ ᠬᠡᠵᠢᠶ᠎ᠡ ᠶᠠᠵᠢᠶᠠᠨ᠎ᠠᠴᠠ ᠬᠦᠰᠡᠵᠦ ᠵᠡᠭᠦᠳᠦᠯᠡᠳᠡᠭ ᠪᠠᠢᠨ᠎ᠠ᠃ ᠬᠠᠤᠯᠢ ᠶᠣᠰᠤᠭᠠᠷ ᠬᠠᠨᠢᠯᠠᠨ ᠰᠠᠭᠤᠬᠤ ᠰᠠᠨᠠᠭ᠎ᠠ᠎ᠪᠠᠨ ᠪᠤᠯᠲᠠᠢᠯᠭᠠᠭᠰᠠᠨ ᠤᠳᠠᠭ᠎ᠠ ᠪᠤᠢ᠎ᠴᠤ ᠵᠠᠯᠠᠭᠤ ᠴᠢᠪᠠᠭᠠᠨᠴᠠ᠎ᠨᠢ ᠲᠣᠯᠤᠭᠠᠢ ᠰᠡᠭᠰᠦᠷᠦᠭᠡᠳ ᠬᠦᠯᠢᠶᠡᠭᠰᠡᠨ᠎ᠦᠭᠡᠢ᠃

ᠡᠨᠡ ᠵᠠᠭᠷᠠᠢᠮ᠎ᠠ ᠭᠡᠳᠡᠭ ᠵᠠᠯᠠᠭᠤ ᠴᠢᠪᠠᠭᠠᠨᠴᠠ᠎ᠶᠢᠨ ᠪᠣᠭᠲᠤᠯᠠᠵᠤ ᠬᠠᠷᠢᠯᠠᠭᠰᠠᠨ ᠬᠠᠷ᠎ᠠ ᠬᠥᠮᠦᠨ᠎ᠨᠢ ᠨᠠᠮᠵᠢᠯ ᠵᠠᠯᠠᠨ᠎ᠤ ᠰᠡᠲᠡᠷ᠎ᠲᠡᠢ ᠭᠡᠭᠦᠦ᠎ᠳᠦ ᠨᠣᠭᠲᠤ ᠭᠦᠶᠦᠯᠭᠡᠭᠡᠳ᠂ ᠲᠣᠯᠤᠭᠠᠢ ᠳᠠᠭᠠᠭᠠᠬᠤ᠎ᠦᠭᠡᠢ ᠶᠠᠯ᠎ᠠ᠎ᠳᠤ ᠤᠨᠠᠵᠤ᠂ ᠬᠣᠰᠢᠭᠤ ᠶᠠᠮᠤᠨ᠎ᠤ ᠱᠣᠷᠤᠩ᠎ᠳᠤ ᠶᠠᠰᠤ᠎ᠪᠠᠨ ᠲᠠᠯᠪᠢᠭᠰᠠᠨ ᠪᠢᠯᠡ᠃ ᠪᠡᠯᠪᠡᠰᠦᠨ ᠬᠣᠴᠤᠷᠤᠭᠰᠠᠨ ᠵᠠᠯᠠᠭᠤ ᠪᠦᠰᠡᠭᠦᠢ᠎ᠶᠢ ᠡᠪᠡᠳᠴᠢᠨ ᠡᠮᠭᠡᠭ ᠣᠷᠢᠶᠠᠭᠠᠳ ᠪᠠᠢᠬᠤᠯᠠᠷ ᠵᠢᠷᠤᠬᠠᠢᠴᠢ ᠯᠠᠮᠠᠬᠠᠢ᠎ᠠᠴᠠ ᠠᠪᠤᠷᠠᠯ ᠭᠤᠶᠤᠵᠠᠢ᠃ 《ᠨᠢᠭᠦᠯ᠎ᠦᠨ ᠦᠷ᠎ᠡ ᠠᠢᠬᠤᠪᠲᠤᠷ ᠬᠤᠷᠠᠯ᠎ᠠ ᠰᠢᠤ ᠳ᠋ᠠ ! ᠵᠢᠰᠦ᠎ᠪᠡᠨ ᠬᠤᠪᠢᠯᠭᠠᠪᠠᠯ ᠡᠪᠡᠳᠴᠢᠨ ᠡᠮᠭᠡᠭ ᠠᠷᠢᠯᠵᠤ ᠪᠣᠯᠬᠤ᠎ᠶᠤᠮ ᠪᠠᠢᠨ᠎ᠠ》 ᠭᠡᠵᠦ ᠯᠠᠮᠠᠬᠠᠢ ᠠᠢᠯᠠᠳᠤᠭᠰᠠᠨ᠎ᠳᠤ ᠵᠠᠯᠠᠭᠤ ᠪᠦᠰᠡᠭᠦᠢ ᠰᠠᠬᠢᠯ ᠪᠠᠭᠰᠢ᠎ᠪᠠᠷ ᠦᠰᠦ᠎ᠪᠡᠨ ᠤᠷᠤᠮᠳᠠᠭᠤᠯᠵᠤ᠂ ᠲᠠᠩᠭᠠᠷᠢᠭ ᠥᠭᠭᠦᠨ ᠰᠠᠬᠢᠯ ᠬᠦᠷᠲᠡᠭᠡᠳ ᠴᠢᠪᠠᠭᠠᠨᠴᠠ ᠪᠣᠯᠪᠠ᠃ ᠰᠦᠮ᠎ᠡ ᠰᠠᠩ᠎ᠤᠨ ᠪᠦᠷᠢᠶ᠎ᠡ ᠪᠢᠰᠭᠢᠭᠦᠷ᠎ᠢ ᠰᠣᠨᠤᠰᠤᠨ᠂ ᠰᠠᠩ ᠬᠦᠵᠢ᠎ᠶᠢᠨ ᠦᠨᠦᠷ᠎ᠢ ᠦᠨᠦᠷᠲᠦᠵᠦ ᠰᠠᠭᠤᠶ᠎ᠠ ᠭᠡᠳ ᠣᠪᠤᠭᠠᠨ ᠠᠷᠤ᠎ᠳᠤ ᠰᠠᠩ ᠰᠦᠷᠦᠭ᠎ᠦᠨ ᠠᠢᠯ᠎ᠲᠠᠢ ᠬᠠᠶᠠᠭ᠎ᠠ ᠳᠡᠷᠡᠯᠡᠨ ᠪᠠᠭᠤᠳᠠᠯᠯᠠᠵᠠᠢ᠃ ᠣᠳᠣ ᠰᠢᠨ᠎ᠡ ᠠᠮᠢᠳᠤᠷᠠᠯ᠎ᠨᠢ ᠲᠡᠭᠦᠨ᠎ᠦ ᠳᠤᠷ᠎ᠠ ᠰᠣᠨᠢᠷᠬᠠᠯ᠎ᠢ ᠡᠷᠬᠡ᠎ᠦᠭᠡᠢ ᠲᠠᠲᠠᠬᠤ ᠪᠣᠯᠵᠤ᠂ ᠬᠠᠮᠠᠷ ᠯᠣᠳᠤᠨ᠎ᠲᠠᠢ ᠠᠮᠢᠳᠤᠷᠠᠯ᠎ᠤᠨ ᠵᠢᠯᠤᠭᠤ᠎ᠪᠠᠨ ᠬᠠᠮᠲᠤᠳᠭᠠᠬᠤ᠎ᠶᠢ ᠬᠡᠴᠢᠨᠡᠨ ᠰᠠᠨᠠᠭᠠᠷᠬᠠᠭᠰᠠᠨ ᠪᠣᠯᠪᠠᠴᠤ ᠮᠢᠩᠭᠠᠨ ᠣᠨ ᠤᠯᠠᠮᠵᠢᠯᠠᠭᠠᠳ ᠢᠷᠡᠭᠰᠡᠨ ᠬᠠᠷ᠎ᠠ ᠰᠢᠷ᠎ᠠ᠎ᠶᠢᠨ ᠮᠤᠬᠤᠷ ᠪᠢᠰᠢᠷᠡᠯ ᠲᠡᠭᠦᠨ᠎ᠦ ᠣᠶᠤᠨ ᠰᠠᠨᠠᠭ᠎ᠠ᠎ᠶᠢ ᠳᠠᠪᠬᠤᠷ ᠳᠠᠪᠬᠤᠷ ᠣᠷᠢᠶᠠᠭᠰᠠᠨ ᠲᠤᠯᠠ ᠦᠨᠡᠨ ᠬᠤᠳᠠᠯ᠎ᠴᠤ ᠠᠮᠠᠨ ᠲᠠᠩᠭᠠᠷᠢᠭ᠎ᠢᠶᠠᠨ ᠪᠤᠴᠠᠭᠠᠬᠤ ᠵᠣᠷᠢᠭ᠎ᠦᠭᠡᠢ᠂ ᠶᠠᠭᠤ᠎ᠴᠤ ᠭᠡᠰᠡᠨ ᠠᠷᠪᠠᠨ ᠵᠢᠯ ᠬᠦᠵᠢ ᠵᠤᠯᠠ ᠡᠷᠭᠦᠵᠦ ᠪᠠᠢᠭᠠᠳ ᠪᠣᠯᠤᠶ᠎ᠠ ᠭᠡᠵᠦ ᠰᠢᠢᠳᠴᠡᠢ᠃

ᠦᠭᠡ᠎ᠪᠡᠨ ᠣᠯᠤᠯᠴᠠᠭᠰᠠᠨ ᠬᠠᠮᠠᠷ ᠯᠣᠳᠤᠨ᠎ᠴᠤ ᠠᠷᠪᠠᠨ ᠵᠢᠯ ᠬᠦᠯᠢᠶᠡᠬᠦ᠎ᠪᠡᠷ ᠪᠣᠯᠵᠤ᠂ ᠯᠤᠤ᠎ᠶᠢᠨ ᠬᠡ᠎ᠲᠡᠢ ᠠᠪᠳᠠᠷ᠎ᠠ᠎ᠪᠠᠨ ᠬᠤᠮᠠᠬᠢ ᠲᠣᠭᠤᠰᠤ ᠰᠠᠭᠤᠯᠭᠠᠯ᠎ᠦᠭᠡᠢ ᠵᠦᠯᠭᠦᠵᠦ ᠠᠷᠴᠢᠨ ᠭᠢᠯᠠ ᠴᠢᠯᠡ ᠬᠡᠪ᠎ᠢᠶᠡᠷ᠎ᠨᠢ ᠬᠠᠮᠠᠭᠠᠯᠠᠵᠤ ᠶᠠᠪᠤᠭᠰᠠᠨ᠎ᠢᠶᠠᠷ ᠪᠠᠷᠠᠬᠤ᠎ᠦᠭᠡᠢ 《ᠵᠠᠭᠷᠠᠢᠮ᠎ᠠ᠎ᠳᠠᠭᠠᠨ ᠬᠣᠭᠤᠰᠤᠨ ᠬᠣᠷᠭᠤ᠎ᠶᠢᠨ ᠲᠦᠯᠬᠢᠭᠦᠷ ᠠᠳᠭᠤᠭᠤᠯᠤᠨ᠎ᠠ᠎ᠤᠤ ᠳ᠋ᠠ ?》 ᠭᠡᠳ ᠨᠢᠮᠭᠡᠨ ᠡᠮᠦᠰᠴᠦ ᠰᠢᠩᠭᠡᠨ ᠢᠳᠡᠵᠦ ᠪᠠᠢᠭᠠᠳ ᠬᠥᠬᠡ ᠲᠣᠷᠭᠠᠨ ᠵᠤᠪᠴᠠᠭ᠎ᠠ᠂ ᠶᠠᠭᠠᠨ ᠴᠢᠰᠴᠡᠦ ᠪᠦᠰᠡ᠂ ᠪᠤᠯᠢᠭᠠᠷᠢᠨ ᠭᠤᠲᠤᠯ᠂ ᠨᠣᠭᠤᠭᠠᠨ ᠳᠤᠷᠳᠤᠩ ᠠᠯᠴᠢᠭᠤᠷ ᠵᠡᠷᠭᠡ᠎ᠪᠡᠷ ᠠᠪᠳᠠᠷ᠎ᠠ᠎ᠪᠠᠨ ᠳᠦᠭᠦᠷᠭᠡᠵᠦ᠎ᠯᠡ ᠪᠠᠢᠯ᠎ᠠ᠃

ᠬᠦᠯᠢᠶᠡᠭᠡᠳ ᠤᠳᠠᠭᠰᠠᠨ ᠠᠷᠪᠠᠨ ᠵᠢᠯ᠎ᠨᠢ ᠬᠦᠷᠦᠭᠡᠳ ᠢᠷᠡᠪᠡ᠃ ᠡᠨᠡ ᠬᠣᠭᠤᠷᠤᠨᠳᠤ ᠬᠥᠯᠦᠰᠦ ᠰᠡᠪᠡᠬᠦ ᠵᠠᠪ᠎ᠦᠭᠡᠢ ᠶᠠᠭᠠᠷᠠᠵᠤ ᠶᠠᠪᠤᠭᠰᠠᠨ ᠬᠠᠮᠠᠷ ᠯᠣᠳᠤᠨ ᠪᠢᠰᠢᠭᠦᠢ ᠬᠥᠷᠦᠩᠭᠡᠵᠢᠵᠦ᠂ ᠵᠠᠷᠤᠯᠭ᠎ᠠ ᠪᠠᠷᠢᠯᠭ᠎ᠠ ᠳᠠᠭᠠᠨ᠎ᠴᠤ ᠶᠡᠬᠡ ᠭᠠᠷ᠎ᠢᠶᠠᠷ ᠬᠥᠳᠡᠯᠳᠡᠭ ᠪᠣᠯᠤᠭᠠᠳ ᠰᠢᠨ᠎ᠡ ᠠᠮᠢᠳᠤᠷᠠᠯ᠎ᠤᠨ ᠵᠠᠮ᠎ᠳᠤ᠎ᠮᠢᠨᠢ ᠭᠡᠭᠡᠨ ᠰᠠᠷᠠ ᠪᠣᠯᠬᠤ᠎ᠦᠭᠡᠢ᠎ᠴᠤ ᠭᠡᠷᠡᠯᠲᠦ ᠮᠥᠷ᠎ᠢᠶᠡᠨ ᠦᠯᠡᠳᠡᠭᠡᠬᠦ᠎ᠨᠢ ᠵᠠᠭᠷᠠᠢᠮ᠎ᠠ᠎ᠶᠤᠮ ᠡ! ᠭᠡᠳ ᠬᠤᠷᠢᠮ᠎ᠢᠶᠠᠨ ᠨᠠᠮᠪᠠᠲᠠᠢᠬᠠᠨ ᠷᠠᠪᠵᠢ᠎ᠶᠢᠨ ᠵᠢᠷᠤᠭ᠎ᠠ ᠰᠠᠷᠠᠯ᠎ᠢ ᠰᠤᠮᠤᠨ ᠳᠠᠷᠤᠭ᠎ᠠ᠎ᠶᠢᠨ ᠮᠥᠩᠭᠦᠨ ᠡᠮᠡᠭᠡᠯ᠎ᠲᠡᠢ ᠵᠢᠭᠡᠯᠡᠵᠦ᠂ ᠪᠡᠷᠢ᠎ᠶᠢᠨ ᠤᠨᠤᠯᠭ᠎ᠠ ᠪᠣᠯᠭᠠᠬᠤ᠎ᠪᠠᠷ ᠪᠣᠯᠵᠤᠵᠤ᠂ ᠵᠢᠪᠵᠢᠳᠮ᠎ᠠ ᠬᠥᠭᠰᠢᠨ᠎ᠢᠶᠡᠷ ᠲᠡᠷᠯᠢᠭ ᠡᠰᠭᠡᠭᠦᠯᠵᠦ᠂ ᠪᠠᠳᠮ᠎ᠠ ᠪᠡᠷᠭᠡᠨ᠎ᠢᠶᠡᠷ ᠪᠤᠭᠤᠷᠰᠤᠭ ᠬᠠᠭᠠᠷᠢᠭᠤᠯᠤᠭᠠᠳ᠂ ᠬᠣᠷᠯᠣ ᠡᠪᠦᠭᠡᠨ᠎ᠢ ᠲᠦᠷᠦᠭᠦᠦ ᠬᠤᠳᠠ᠎ᠪᠠᠷ ᠵᠠᠯᠠᠭᠠᠳ ᠶᠠᠪ ᠶᠠᠭᠠᠷᠠᠤ᠃

ᠠᠷᠪᠠᠨ ᠵᠢᠯ᠎ᠨᠢ ᠶᠠᠭᠠᠬᠢᠵᠤ ᠡᠢᠭᠡᠳ ᠥᠩᠭᠡᠷᠡᠭᠰᠡᠨ ᠪᠣᠯᠪᠠᠴᠤ᠂ ᠠᠷᠪᠠᠬᠠᠨ ᠬᠣᠨᠤᠭ᠎ᠨᠢ ᠶᠡᠷᠦ ᠥᠩᠭᠡᠷᠡᠵᠦ ᠥᠭᠬᠦ᠎ᠦᠭᠡᠢ ᠬᠠᠮᠠᠷ ᠯᠣᠳᠤᠨ᠎ᠢ ᠬᠡᠴᠡᠭᠦᠦ ᠬᠡᠢᠷᠭᠡᠭᠦᠯᠦᠨ᠎ᠡ᠃ ᠭᠣᠣᠨᠢ ᠪᠡᠶ᠎ᠡ ᠬᠣᠣᠰ ᠪᠣᠯᠵᠤ ᠭᠣᠯᠤᠮᠲᠠ᠎ᠶᠢᠨ ᠵᠡᠭᠦᠨᠲᠡᠢ᠎ᠨᠢ ᠪᠦᠰᠡᠭᠦᠢ ᠳᠣᠮᠪᠤᠢᠬᠤ ᠪᠣᠯᠤᠭᠰᠠᠨ᠎ᠨᠢ ᠰᠢᠨ᠎ᠡ ᠴᠠᠭ ᠢᠷᠡᠭᠰᠡᠨ᠎ᠦᠭᠡᠢ ᠪᠣᠯ ᠬᠠᠮᠠᠷ ᠯᠣᠳᠤᠨ᠎ᠤ ᠵᠡᠭᠦᠳᠦᠨ᠎ᠳᠦ ᠣᠷᠤᠬᠤ᠎ᠦᠭᠡᠢ ᠶᠠᠪᠤᠳᠠᠯ ᠡ!

ᠭᠡᠪᠡᠴᠦ ᠳᠡᠭᠡᠷ᠎ᠡ᠎ᠡᠴᠡ ᠢᠷᠡᠭᠰᠡᠨ ᠨᠢᠭᠡᠨ ᠬᠠᠭᠤᠳᠠᠰᠤ ᠪᠢᠴᠢᠭ ᠡᠨᠡ ᠰᠠᠢᠬᠠᠨ ᠮᠥᠴᠡ᠎ᠶᠢ ᠵᠡᠷᠭᠡᠯᠭᠡᠨ ᠮᠡᠲᠦ ᠰᠠᠷᠨᠢᠭᠤᠯᠤᠭᠠᠳ᠂ ᠬᠠᠮᠠᠷ ᠯᠣᠳᠤᠨ ᠵᠠᠯᠠᠭᠤ ᠴᠢᠪᠠᠭᠠᠨᠴᠠ ᠬᠣᠶᠠᠷ᠎ᠢ ᠬᠡᠢ᠎ᠪᠡᠷ ᠬᠥᠭᠡᠷᠦᠭᠦᠯᠵᠦ᠂ ᠬᠥᠭᠡᠰᠦ᠎ᠪᠡᠷ ᠪᠥᠭᠡᠯᠵᠢᠭᠦᠯᠪᠡ᠃

《ᠡᠪ ᠬᠠᠮᠲᠤ᠎ᠶᠢᠨ ᠶᠣᠰᠤ᠎ᠨᠢ ᠥᠨᠥ ᠮᠠᠷᠭᠠᠰᠢ ᠪᠡᠶᠡᠯᠡᠭᠳᠡᠬᠦ ᠲᠤᠯᠠ ᠤᠯᠤᠰ ᠳᠠᠶᠠᠭᠠᠷ ᠦᠰᠦᠷᠦᠩᠭᠦᠢ ᠳᠠᠪᠰᠢᠬᠤ ᠬᠡᠷᠡᠭᠲᠡᠢ》 ᠭᠡᠵᠦ ᠬᠣᠷᠰᠢᠶ᠎ᠠ ᠨᠡᠢᠲᠡ᠎ᠪᠡᠷ ᠬᠥᠳᠡᠯᠭᠡᠭᠡᠨ ᠪᠣᠯᠪᠠ᠃ 《ᠬᠡᠳᠦᠢ ᠴᠢᠳᠠᠯ᠎ᠲᠠᠢ ᠪᠣᠯ ᠲᠡᠳᠦᠢ᠎ᠪᠡᠨ ᠭᠠᠷᠭᠠᠵᠤ ᠶᠠᠭᠤ ᠬᠡᠷᠡᠭ᠎ᠲᠡᠢ ᠪᠣᠯ ᠲᠡᠭᠦᠨ᠎ᠢᠶᠡᠨ ᠠᠪᠬᠤ》᠎ᠨᠢ ᠳᠠᠪᠰᠢᠩᠭᠤᠢ ᠭᠡᠭᠡᠨ ᠶᠣᠰᠤ ᠭᠠᠵᠠᠷ ᠳ᠋ᠠ᠂ ᠨᠠᠮᠵᠢᠯ ᠵᠠᠯᠠᠨ᠎ᠢ ᠭᠠᠷᠭᠠᠪᠠᠯ ᠬᠡᠨ᠎ᠴᠦ ᠭᠡᠳ ᠬᠦᠯᠢᠶᠡᠬᠦ ᠪᠠᠢᠯᠭᠦᠢ᠃ ᠬᠣᠶᠠᠷ ᠲᠣᠯᠤᠭᠠᠢ ᠤᠷᠭᠤᠭᠰᠠᠨ᠎ᠴᠤ᠂ ᠬᠤᠪᠢ᠎ᠶᠢᠨ ᠠᠮᠢᠳᠤᠷᠠᠯ᠎ᠢᠶᠠᠨ ᠲᠥᠪᠬᠢᠨᠡᠭᠦᠯᠦᠶ᠎ᠡ ᠭᠡᠵᠦ ᠬᠠᠮᠠᠷ ᠯᠣᠳᠤᠨ ᠠᠮᠠ ᠨᠡᠭᠡᠭᠡᠬᠦ ᠵᠢᠷᠦᠬᠡ ᠪᠠᠢᠨ᠎ᠠ᠎ᠤᠤ? ᠵᠠᠪ ᠪᠠᠢᠨ᠎ᠠ᠎ᠤᠤ?

ᠳᠡᠭᠡᠷᠡᠬᠢ᠎ᠶᠢᠨ ᠰᠠᠨᠠᠭ᠎ᠠ᠎ᠪᠠᠷ ᠡᠭᠦᠷ᠎ᠦᠨ ᠳᠠᠷᠤᠭ᠎ᠠ ᠡᠷᠦᠬᠡ ᠳᠠᠷᠠᠭᠠᠯᠠᠨ ᠬᠡᠰᠦᠵᠦ᠂ ᠪᠣᠷᠴᠠ᠎ᠲᠠᠢ ᠠᠢᠯ᠎ᠠᠴᠠ ᠪᠣᠷᠴᠠ ᠨᠡᠢᠯᠡᠭᠦᠯᠵᠦ᠂ ᠭᠤᠯᠢᠷ᠎ᠲᠠᠢ ᠠᠢᠯ᠎ᠤᠨ ᠬᠢᠨᠢ ᠬᠡᠦᠳᠡᠢ᠎ᠶᠢ ᠭᠦᠪᠢᠭᠦᠯᠦᠭᠰᠡᠭᠡᠷ ᠡᠨᠡ ᠠᠢᠯ᠎ᠤᠨ ᠰᠢᠨᠠᠭ᠎ᠠ᠂ ᠲᠡᠷᠡ ᠠᠢᠯ᠎ᠤᠨ ᠳᠡᠪᠦᠷ᠎ᠡ ᠭᠡᠵᠦ ᠴᠤᠭᠯᠠᠭᠤᠯᠤᠭᠠᠳ ᠬᠣᠷᠰᠢᠶᠠᠨ᠎ᠤ ᠬᠥᠮᠦᠷᠭᠡ᠎ᠳᠦ ᠬᠣᠭᠤᠯᠠᠨ ᠭᠡᠷ ᠭᠠᠷᠭᠠᠬᠤ᠎ᠪᠠᠷ ᠪᠣᠯᠵᠠᠢ᠃ ᠭᠠᠯ ᠲᠣᠭᠤᠭᠠᠨ᠎ᠤ ᠠᠵᠢᠯ᠎ᠳᠠᠭᠠᠨ ᠬᠠᠮᠠᠷ ᠯᠣᠳᠤᠨ ᠤᠷᠢᠳᠤ᠎ᠠᠴᠠ ᠪᠠᠷᠤᠭᠲᠠᠢ ᠲᠤᠯᠠ ᠠᠢᠯ᠎ᠤᠨ ᠲᠣᠭᠤᠭ᠎ᠠ᠎ᠶᠢ ᠬᠠᠳᠠᠭᠰᠠᠭᠠᠷ ᠢᠷᠡᠭᠰᠡᠨ᠃ ᠭᠡᠷ ᠲᠡᠷᠭᠡ᠎ᠲᠡᠢ ᠪᠣᠯᠤᠭᠰᠠᠨ᠎ᠠᠴᠠ ᠬᠣᠢᠰᠢ᠂ ᠠᠷᠭ᠎ᠠ ᠪᠤᠰᠤ ᠬᠣᠭᠤᠯᠠ ᠬᠤᠰᠢ ᠭᠡᠵᠦ ᠣᠷᠤᠯᠳᠤᠵᠤ ᠡᠬᠢᠯᠡᠭᠰᠡᠨ ᠪᠣᠯᠪᠠᠴᠤ ᠣᠯᠢᠭ᠎ᠲᠠᠢ ᠠᠮᠲᠠ ᠪᠦᠷᠢᠯᠳᠦᠭᠦᠯᠦᠭᠰᠡᠨ ᠡᠷᠢᠨ᠎ᠨᠢ ᠲᠣᠭ᠎ᠠ᠎ᠲᠠᠢ᠃ ᠡᠪ ᠬᠠᠮᠲᠤ᠎ᠶᠢᠨ ᠪᠤᠳᠠᠭ᠎ᠠ ᠭᠡᠳᠡᠭ᠎ᠴᠢᠨᠢ ᠢᠳᠡᠳᠡᠭ᠎ᠯᠡ ᠬᠣᠭᠤᠯᠠ᠂ ᠡᠷᠢᠨ ᠡᠷᠢᠨ ᠪᠡᠯᠡᠨ ᠪᠤᠳᠠᠭ᠎ᠠ ᠢᠳᠡᠨ᠎ᠡ ᠭᠡᠳᠡᠭ᠎ᠴᠢᠨᠢ ᠡᠢᠮᠦ ᠰᠠᠢᠬᠠᠨ ᠴᠠᠭ ᠢᠷᠡᠭᠰᠡᠨ᠎ᠦᠭᠡᠢ ᠪᠣᠯ ᠬᠠᠮᠠᠷ ᠨᠠᠳᠠ ᠬᠠᠮᠢᠭ᠎ᠠ᠎ᠠᠴᠠ ᠣᠯᠳᠠᠬᠤ᠎ᠰᠠᠨ ᠪᠢᠯᠡ! ᠭᠡᠳ ᠬᠠᠮᠠᠷ ᠯᠣᠳᠤᠨ ᠴᠢᠮᠡᠭᠡ᠎ᠪᠡᠷ᠎ᠨᠢ ᠬᠥᠯ᠎ᠦᠭᠡᠢ ᠳᠡᠷᠪᠡᠵᠦ ᠡᠬᠢᠯᠡᠪᠡ᠃

ᠭᠤᠷᠪᠠᠨ ᠬᠣᠲᠠ ᠳᠥᠷᠪᠡᠨ ᠤᠰᠤᠨ᠎ᠤ ᠬᠢᠨ ᠨᠢᠭᠡ᠎ᠯᠡ ᠡᠳᠦᠷ᠎ᠲᠦ ᠣᠪᠤᠭᠠᠨ ᠰᠢᠯᠢ ᠳᠡᠭᠡᠷ᠎ᠡ ᠲᠥᠪᠯᠡᠷᠡᠨ ᠪᠠᠭᠤᠳᠠᠯᠯᠠᠭᠠᠳ᠂ ᠬᠣᠲᠠ ᠪᠠᠯᠭᠠᠰᠤ᠎ᠰᠢᠭ᠋ ᠪᠣᠯᠪᠠ᠃ ᠡᠭᠦᠷ᠎ᠦᠨ ᠳᠠᠷᠤᠭ᠎ᠠ ᠠᠢᠯ᠎ᠤᠳ᠎ᠤᠨ ᠢᠯᠡᠭᠦᠦ ᠭᠠᠷᠤᠭᠰᠠᠨ ᠲᠣᠭᠤᠭ᠎ᠠ᠎ᠶᠢ ᠴᠤᠭᠯᠠᠭᠤᠯᠵᠤ᠂ ᠢᠳᠡ᠎ᠲᠡᠢ ᠪᠢᠷ᠎ᠠ᠎ᠲᠠᠢ ᠵᠠᠯᠠᠭᠤᠰ᠎ᠢᠶᠠᠷ ᠨᠢᠴᠠ ᠨᠢᠴᠠ ᠳᠡᠪᠰᠡᠭᠦᠯᠦᠭᠡᠳ᠂ ᠪᠣᠯᠤᠳ᠎ᠤᠨ ᠵᠤᠤᠬᠠᠨ᠎ᠳᠤ ᠬᠦᠷᠭᠡᠵᠦ ᠪᠠᠢᠨ᠎ᠠ᠃ ᠬᠣᠭᠤᠯᠠᠨ ᠭᠡᠷ᠎ᠲᠡᠢ ᠪᠣᠯᠤᠭᠰᠠᠨ᠎ᠶᠤᠮ᠎ᠴᠢᠨᠢ ᠭᠡᠳ ᠬᠠᠮᠠᠷ ᠯᠣᠳᠤᠨ ᠪᠠᠢᠬᠤ᠎ᠠᠴᠠ ᠭᠠᠭᠴᠠ ᠭᠠᠤᠯᠢᠨ ᠬᠠᠢᠪᠤ᠎ᠪᠠᠨ ᠠᠪᠠᠴᠢᠵᠤ ᠥᠭᠭᠦᠭᠰᠡᠨ᠎ᠳᠦ ᠰᠢᠷᠡᠮᠦ ᠪᠢᠰᠢ ᠪᠣᠯ ᠠᠪᠬᠤ᠎ᠦᠭᠡᠢ ᠭᠡᠳ ᠪᠤᠴᠠᠭᠠᠵᠠᠢ᠃

ᠰᠦᠷᠦᠭ ᠨᠣᠬᠠᠳ ᠬᠤᠴᠠᠵᠤ ᠪᠤᠤᠷᠯᠠᠯᠳᠤᠭᠠᠳ ᠡᠮᠡᠰ ᠬᠡᠦᠬᠡᠳ ᠡᠭᠦᠳᠡᠨ᠎ᠡᠴᠡ ᠭᠠᠷᠬᠤ᠎ᠶᠢᠨ ᠠᠷᠭ᠎ᠠ᠎ᠦᠭᠡᠢ ᠪᠣᠯᠤᠭᠠᠳ ᠪᠠᠢᠨ᠎ᠠ᠃

ᠬᠠᠮᠠᠷ ᠯᠣᠳᠤᠨ᠎ᠴᠤ ᠨᠣᠬᠠᠢ᠎ᠶᠢᠨ ᠠᠶᠤᠯ᠎ᠠᠴᠠ ᠳᠥᠩᠭᠡᠵᠢ ᠮᠤᠯᠲᠤᠷᠠᠭᠠᠳ ᠡᠭᠦᠳᠡ ᠲᠠᠭᠠᠷᠠᠮᠠᠭᠴᠠ ᠰᠢᠷᠭᠤᠵᠤ ᠣᠷᠤᠭᠰᠠᠨ᠎ᠳᠤ ᠵᠠᠯᠠᠭᠤ ᠴᠢᠪᠠᠭᠠᠨᠴᠠ ᠴᠠᠢ ᠴᠢᠨᠠᠨ ᠪᠥᠭᠴᠦᠭᠡᠨᠡᠵᠦ ᠪᠠᠢᠪᠠ᠃ ᠲᠣᠭᠤᠭ᠎ᠠ ᠳᠦᠭᠦᠷᠡᠩ ᠳᠠᠷᠭᠢᠯᠠᠬᠤ ᠬᠥᠬᠡ ᠴᠠᠢ᠎ᠠᠴᠠ ᠡᠬᠡᠭᠦᠨ ᠦᠨᠦᠷ ᠰᠠᠩᠬᠢ ᠲᠠᠲᠠᠨ᠎ᠠ᠃

《ᠵᠣᠯᠢᠭ᠎ᠴᠢᠨᠢ ᠮᠥᠨ᠎ᠴᠦ ᠮᠣᠷᠢ᠎ᠲᠠᠢ ᠪᠠᠢᠨ᠎ᠠ!》 ᠭᠡᠵᠦ ᠵᠠᠯᠠᠭᠤ ᠴᠢᠪᠠᠭᠠᠨᠴᠠ᠎ᠨᠢ ᠱᠣᠣᠯᠠᠵᠤ ᠭᠠᠷᠬᠤ᠎ᠳᠤ:

《ᠨᠣᠬᠠᠢ᠎ᠳᠤ ᠲᠠᠭᠤᠭᠳᠠᠭᠰᠠᠨ᠎ᠦᠭᠡᠢ ᠪᠣᠯ ᠴᠠᠢ ᠳᠡᠭᠡᠷ᠎ᠡ᠎ᠴᠢᠨᠢ ᠵᠠᠪᠳᠤᠬᠤ᠎ᠦᠭᠡᠢ᠎ᠯᠠ ᠳ᠋ᠠ 》 ᠭᠡᠳ ᠬᠠᠮᠠᠷ ᠯᠣᠳᠤᠨ ᠬᠠᠭᠵᠠᠷᠬᠠᠢ ᠰᠢᠷᠬᠤᠨᠠᠭ᠎ᠢᠶᠠᠨ ᠬᠣᠷᠮᠤᠢ᠎ᠪᠠᠷ᠎ᠢᠶᠠᠨ ᠪᠥᠭᠯᠡᠵᠦ ᠰᠠᠭᠤᠪᠠ᠃

ᠬᠥᠬᠡ ᠴᠠᠢ᠎ᠶᠢ᠎ᠨᠢ ᠬᠥᠯᠦᠷᠡᠲᠡᠯ᠎ᠡ ᠤᠤᠭᠤᠵᠤ ᠰᠠᠭᠤᠬᠤ ᠵᠠᠭᠤᠷ᠎ᠠ ᠴᠢᠪᠠᠭᠠᠨᠴᠠ᠎ᠶᠢᠨ᠎ᠢᠶᠠᠨ ᠰᠢᠷᠡᠮᠦᠨ ᠲᠣᠭᠤᠭ᠎ᠠ᠎ᠶᠢ ᠬᠠᠷᠠᠭᠠᠳ ᠬᠠᠮᠠᠷ ᠯᠣᠳᠤᠨ ᠭᠡᠨᠡᠳᠲᠡ ᠭᠡᠭᠡᠷᠡᠪᠡ᠃

ᠴᠢᠪᠠᠭᠠᠨᠴᠠ᠎ᠶᠢᠨ ᠲᠣᠭᠤᠭ᠎ᠠ ᠰᠦᠷᠡᠬᠡᠢ᠎ᠴᠦ᠎ᠶᠦᠮ ᠪᠠᠢᠨ᠎ᠠ᠃ ᠯᠠᠪ ᠨᠢᠭᠡ ᠵᠤᠤᠬ᠎ᠠ ᠰᠢᠲᠠᠭᠠᠵᠤ ᠬᠦᠷᠬᠦ ᠪᠠᠢᠬᠤ ᠳ᠋ᠠ !

ᠬᠠᠮᠠᠷ ᠯᠣᠳᠤᠨ ᠭᠢᠳ ᠭᠢᠳ ᠭᠡᠭᠰᠡᠭᠡᠷ:

《ᠡᠨᠡ ᠲᠣᠭᠤᠭ᠎ᠠ᠎ᠪᠠᠨ ᠨᠠᠳᠠ᠎ᠳᠠᠭᠠᠨ ᠥᠭᠴᠢᠬᠡ ᠳ᠋ᠠ !》 ᠭᠡᠵᠦ ᠬᠡ᠎ᠴᠦ᠎ᠦᠭᠡᠢ ᠭᠤᠶᠤᠭᠰᠠᠨ᠎ᠳᠤ ᠵᠠᠯᠠᠭᠤ ᠴᠢᠪᠠᠭᠠᠨᠴᠠ ᠭᠠᠢᠬᠠᠵᠤ:

《ᠭᠣᠷᠢ᠎ᠦᠭᠡᠢ᠂ ᠭᠣᠷᠢ᠎ᠦᠭᠡᠢ!》 ᠭᠡᠵᠦ ᠲᠣᠯᠤᠭᠠᠢ ᠳᠠᠮᠠᠷᠤᠳᠠᠪᠠ᠃

《ᠮᠠᠷᠭᠠᠰᠢ᠎ᠠᠴᠠ ᠬᠣᠭᠤᠯᠠᠨ ᠭᠡᠷ᠎ᠲᠦ ᠴᠠᠪᠯᠠᠵᠠᠭᠠᠬᠤ᠎ᠶᠤᠮ᠎ᠴᠢᠨᠢ ᠡᠨᠡ ᠮᠠᠭᠤ ᠲᠣᠭᠤᠭ᠎ᠠ᠎ᠪᠠᠷ ᠡᠴᠢᠭᠡ᠎ᠪᠡᠨ ᠬᠢᠨ᠎ᠡ᠎ᠦᠦ?》 ᠭᠡᠳ ᠬᠠᠮᠠᠷ ᠯᠣᠳᠤᠨ ᠬᠠᠮᠠᠷ᠎ᠢᠶᠠᠨ ᠴᠡᠨᠳᠡᠢᠯᠭᠡᠬᠦ᠎ᠳᠦ:

《ᠪᠠᠢᠭ ᠴᠠᠰᠢ! ᠪᠢ ᠳᠤᠲᠠᠭᠤ ᠨᠢᠭᠡ ᠡᠷᠢᠨ᠎ᠦ ᠬᠣᠭᠤᠯᠠ ᠢᠳᠡᠭᠰᠡᠨ᠎ᠴᠦ ᠴᠠᠢ᠎ᠠᠴᠠ᠎ᠪᠠᠨ ᠰᠠᠯᠵᠤ ᠴᠢᠳᠠᠳᠠᠭ᠎ᠦᠭᠡᠢ᠎ᠶᠢ ᠴᠢ ᠶᠠᠮᠠᠷ ᠮᠡᠳᠡᠬᠦ᠎ᠦᠭᠡᠢ ᠪᠢᠰᠢ》 ᠭᠡᠵᠦ ᠵᠠᠯᠠᠭᠤ ᠴᠢᠪᠠᠭᠠᠨᠴᠠ ᠳᠤᠷᠠᠮᠠᠭᠴᠢᠬᠠᠨ ᠳᠦᠳᠦᠨᠡᠪᠡ᠃

ᠲᠡᠢᠮᠦ᠎ᠴᠦ ᠲᠡᠢᠮᠦ ᠳ᠋ᠡ᠃ ᠴᠢᠪᠠᠭᠠᠨᠴᠠ ᠬᠥᠮᠦᠨ᠎ᠦ ᠬᠠᠮᠤᠭ ᠡᠷᠳᠡᠮ᠎ᠨᠢ ᠴᠠᠢ ᠭᠦᠵᠡᠭᠡᠯᠡᠬᠦ᠎ᠯᠡ ᠰᠢᠦ ᠳ᠋ᠠ !

《ᠢᠩᠭᠢᠶ᠎ᠡ᠂ ᠪᠢ ᠭᠠᠤᠯᠢᠨ ᠬᠠᠢᠪᠤ᠎ᠪᠠᠷ᠎ᠢᠶᠠᠨ ᠲᠣᠭᠤᠭ᠎ᠠ᠎ᠶᠢ᠎ᠴᠢᠨᠢ ᠰᠣᠯᠢᠵᠤ ᠠᠪᠤᠶ᠎ᠠ!ᠮᠢᠨᠦ ᠲᠡᠷᠡ ᠬᠠᠢᠪᠤ᠎ᠳᠤ ᠴᠠᠢ ᠴᠢᠨᠠᠵᠤ ᠭᠠᠢᠭᠤᠢ ᠪᠣᠯᠤᠨ᠎ᠠ ᠰᠢᠤ!》

ᠴᠢᠪᠠᠭᠠᠨᠴᠠ ᠬᠠᠷᠢᠭᠤ ᠳᠤᠤᠭᠠᠷᠤᠭᠰᠠᠨ᠎ᠦᠭᠡᠢ᠃ ᠤᠳᠠᠵᠤ ᠤᠳᠠᠭᠠᠳ ᠲᠣᠯᠤᠭᠠᠢ ᠳᠣᠬᠢᠪᠠ᠃ ᠬᠠᠮᠠᠷ ᠯᠣᠳᠤᠨ ᠬᠠᠭᠠᠷᠠᠲᠠᠯ᠎ᠠ ᠬᠥᠭᠡᠷᠴᠦ᠂ ᠦᠰᠦᠷᠴᠦ ᠪᠣᠰᠤᠭᠠᠳ ᠲᠣᠭᠤᠭ᠎ᠠ᠎ᠶᠢ ᠰᠤᠭᠤᠯᠪᠠ᠃

ᠵᠠᠮ ᠵᠠᠭᠤᠷ᠎ᠠ᠂ ᠪᠦᠲᠦᠨ ᠲᠣᠭᠤᠭ᠎ᠠ ᠠᠪᠳᠠᠭ᠎ᠦᠭᠡᠢ᠎ᠰᠠᠨ ᠭᠡᠵᠦ ᠪᠣᠳᠤᠭᠠᠳ ᠬᠠᠮᠠᠷ ᠯᠣᠳᠤᠨ ᠲᠣᠭᠤᠭ᠎ᠠ᠎ᠪᠠᠨ ᠰᠢᠳᠡᠵᠦ ᠶᠠᠪᠤᠭᠤᠯᠤᠭᠠᠳ ᠬᠠᠷ᠎ᠠ ᠬᠦᠴᠦ᠎ᠪᠡᠷ᠎ᠢᠶᠡᠨ ᠳᠡᠪᠰᠡᠭᠰᠡᠨ ᠪᠣᠯᠪᠠᠴᠤ᠂ ᠬᠥᠯ᠎ᠦᠨ ᠤᠯᠠ᠎ᠨᠢ ᠡᠭᠡᠷᠡᠲᠡᠯ᠎ᠡ ᠡᠪᠡᠳᠦᠭᠰᠡᠨ᠎ᠡᠴᠡ ᠪᠢᠰᠢ ᠲᠣᠭᠤᠭ᠎ᠠ᠎ᠨᠢ ᠬᠡᠮᠬᠡᠷᠡᠭᠰᠡᠨ᠎ᠦᠭᠡᠢ᠃ ᠮᠡᠩᠭᠡᠲᠦ᠎ᠶᠢᠨ ᠬᠦᠦ ᠳᠥᠷᠪᠡᠯᠵᠢᠨ ᠬᠥᠷᠵᠡᠩ ᠴᠢᠨᠡᠭᠡ ᠴᠢᠯᠠᠭᠤ ᠳᠠᠭᠠᠭ᠎ᠠ ᠶᠠᠳᠠᠨ ᠠᠪᠴᠢᠷᠠᠭᠠᠳ ᠲᠣᠭᠤᠭᠠᠨ ᠬᠦᠢᠰᠦ ᠲᠠᠭᠠᠷᠠᠭᠤᠯᠤᠨ ᠪᠠᠭᠤᠯᠭᠠᠪᠠ᠃ ᠨᠠᠰᠤ ᠪᠠᠯᠴᠢᠷ᠎ᠴᠤ ᠤᠬᠠᠭᠠᠨ ᠬᠡᠴᠡᠭᠦᠦ᠃ ᠰᠢᠷᠡᠮᠦᠨ ᠲᠣᠭᠤᠭ᠎ᠠ ᠰᠦᠢᠷᠡᠵᠦ ᠣᠴᠢᠬᠤ᠎ᠳᠤ ᠬᠠᠮᠠᠷ ᠯᠣᠳᠤᠨ ᠮᠠᠭᠠᠰᠠᠢᠵᠤ ᠢᠨᠢᠶᠡᠭᠡᠳ᠂ ᠬᠥ᠎ᠶᠢ᠎ᠴᠦ ᠬᠠᠮᠢᠶᠠᠷᠤᠯ᠎ᠦᠭᠡᠢ ᠲᠡᠭᠦᠵᠦ ᠬᠣᠷᠮᠤᠢᠯᠠᠮᠠᠭᠴᠠ ᠭᠠᠷᠴᠤ ᠭᠦᠶᠦᠪᠡ᠃ ᠬᠠᠷᠠᠮᠰᠠᠯᠲᠠᠢ᠎ᠨᠢ ᠭᠣᠵᠤᠢᠭᠰᠠᠨ᠎ᠦᠭᠡᠢ ᠦᠵᠡᠭᠰᠡᠨ᠎ᠡᠴᠡ ᠪᠢᠰᠢ ᠬᠢᠮᠤᠰᠤᠨ ᠲᠡᠳᠦᠢ ᠱᠠᠩ᠎ᠴᠤ ᠬᠦᠷᠲᠡᠭᠰᠡᠨ᠎ᠦᠭᠡᠢ᠃

ᠬᠠᠮᠠᠷ ᠯᠣᠳᠤᠨ ᠲᠣᠯᠤᠭᠠᠢ᠎ᠪᠠᠨ ᠭᠠᠨᠵᠤᠭᠠᠯᠠᠭᠠᠳ ᠪᠤᠴᠠᠵᠤ ᠬᠠᠷᠢᠬᠤ᠎ᠳᠤ ᠯᠤᠤ᠎ᠶᠢᠨ ᠬᠡ᠎ᠲᠡᠢ ᠠᠪᠳᠠᠷ᠎ᠠ᠎ᠶᠢ᠎ᠨᠢ ᠬᠣᠭᠤᠯᠠᠨ ᠭᠡᠷ᠎ᠲᠦ ᠵᠠᠷᠤᠬᠤ᠎ᠪᠠᠷ ᠬᠠᠰᠠᠭ ᠢᠷᠡᠭᠡᠳ ᠬᠦᠯᠢᠶᠡᠵᠦ ᠪᠠᠢᠪᠠ᠃ ᠨᠢᠯᠪᠤᠰᠤ ᠪᠥᠮᠪᠦᠷᠢᠮᠡᠷ ᠪᠣᠯᠤᠭᠰᠠᠨ ᠪᠣᠯᠪᠠᠴᠤ᠂ ᠵᠠᠯᠠᠭᠤ ᠴᠢᠪᠠᠭᠠᠨᠴᠠ᠎ᠲᠠᠢ᠎ᠪᠠᠨ ᠰᠢᠷᠡᠭᠡ ᠬᠠᠪᠴᠢᠨ ᠬᠣᠭᠤᠯᠠᠯᠠᠬᠤ᠎ᠶᠢ ᠪᠣᠳᠤᠮᠠᠭᠴᠠ᠂ ᠬᠠᠮᠠᠷ ᠯᠣᠳᠤᠨ᠎ᠤ ᠪᠠᠷᠤᠢᠭᠰᠠᠨ ᠴᠢᠷᠠᠢ ᠴᠡᠯᠮᠡᠢᠵᠦ ᠪᠠᠶᠠᠰᠭᠤᠯᠠᠩ ᠲᠤᠶᠠᠭᠠᠷᠠᠭᠠᠳ᠂ ᠳᠠᠭᠤ᠎ᠦᠭᠡᠢ ᠥᠭᠴᠦ ᠶᠠᠪᠤᠭᠤᠯᠪᠠ᠃

ᠰᠢᠨ᠎ᠡ ᠴᠠᠭ ᠭᠠᠵᠠᠷ ᠳ᠋ᠠ᠂ ᠬᠡᠯᠡᠪᠡᠯ ᠬᠢᠳᠡᠭ᠎ᠯᠡ᠎ᠶᠦᠮ ᠪᠠᠢᠨ᠎ᠠ᠃ ᠮᠠᠷᠭᠠᠰᠢ ᠥᠷᠯᠦᠭᠡᠭᠦᠷ᠎ᠨᠢ ᠴᠠᠪ᠎ᠤᠨ ᠳᠤᠩ ᠨᠡᠭᠡᠷᠡᠨ᠎ᠴᠦ ᠠᠭᠤᠯᠠ ᠤᠰᠤ᠎ᠶᠢ ᠪᠠᠶᠠᠰᠲᠠᠯ᠎ᠠ ᠳᠦᠩᠭᠢᠨᠡᠪᠡ᠃ ᠬᠠᠮᠠᠷ ᠯᠣᠳᠤᠨ ᠬᠣᠭᠤᠯᠠᠨ ᠭᠡᠷ᠎ᠦᠨ ᠬᠠᠲᠠᠪᠴᠢ᠎ᠶᠢ ᠠᠯᠬᠤᠮᠠᠭᠴᠠ ᠨᠢᠭᠡ ᠨᠢᠳᠦ᠎ᠨᠢ ᠵᠠᠯᠠᠭᠤ ᠴᠢᠪᠠᠭᠠᠨᠴᠠ ᠳᠡᠭᠡᠷ᠎ᠡ ᠨᠥᠭᠦᠭᠡ ᠨᠢᠳᠦ᠎ᠨᠢ ᠯᠤᠤ᠎ᠶᠢᠨ ᠬᠡ᠎ᠲᠡᠢ ᠠᠪᠳᠠᠷ᠎ᠠ ᠳᠡᠭᠡᠷ᠎ᠡ᠎ᠪᠡᠨ ᠲᠤᠰᠤᠭᠠᠳ ᠠᠪᠤᠯ᠎ᠠ᠃ ᠲᠦᠷᠦᠭᠦᠦ ᠡᠷᠢᠨ᠎ᠦ ᠬᠣᠭᠤᠯᠠ ᠣᠨᠴᠤᠭᠤᠢ ᠠᠮᠲᠠ᠎ᠲᠠᠢ ᠰᠠᠨᠠᠭᠳᠠᠭᠰᠠᠨ ᠪᠥᠭᠡᠳ ᠨᠡᠩ᠎ᠴᠦ: 《ᠡᠪ ᠬᠠᠮᠲᠤ᠎ᠶᠢᠨ ᠨᠡᠢᠭᠡᠮ᠎ᠳᠦ ᠬᠤᠪᠢᠨ᠎ᠤ ᠬᠣᠭᠰᠢᠯ ᠬᠡᠷᠡᠭ᠎ᠦᠭᠡᠢ᠎ᠴᠦ ᠬᠤᠪᠢᠨ᠎ᠤ ᠪᠦᠰᠡᠭᠦᠢ ᠬᠡᠷᠡᠭ᠎ᠲᠡᠢ ᠪᠠᠢᠯᠭᠦᠢ? ᠡᠳᠦᠷ ᠰᠥᠨᠢ ᠰᠣᠩᠭᠤᠵᠤ ᠪᠠᠢᠭᠠᠳ ᠥᠨᠥ ᠵᠢᠯ᠎ᠳᠡᠭᠡᠨ ᠪᠠᠲᠤᠯᠠᠪᠤᠷᠢ᠎ᠪᠠᠨ ᠠᠪᠬᠤ᠎ᠤᠤ ᠳ᠋ᠠ ?》 ᠭᠡᠰᠡᠨ ᠵᠠᠭᠷᠠᠢᠮ᠎ᠠ᠎ᠶᠢᠨ ᠬᠢᠨᠢ ᠬᠠᠯᠠᠭᠤᠨ ᠰᠢᠪᠡᠨᠡᠭᠡ ᠬᠠᠮᠠᠷ ᠯᠣᠳᠤᠨ᠎ᠳᠤ ᠪᠠᠯ ᠡᠮᠬᠦᠭᠦᠯᠵᠡᠢ᠃

ᠵᠠᠯᠠᠭᠤ ᠴᠢᠪᠠᠭᠠᠨᠴᠠ᠎ᠲᠠᠢ᠎ᠪᠠᠨ ᠡᠳᠦᠷ ᠡᠳᠦᠷ ᠰᠢᠪᠡᠨᠡᠵᠦ ᠶᠠᠷᠢᠯᠳᠤᠬᠤ ᠲᠣᠬᠢᠶᠠᠯ᠎ᠲᠠᠢ ᠪᠣᠯᠤᠭᠰᠠᠨ᠎ᠨᠢ ᠬᠠᠮᠠᠷ ᠯᠣᠳᠤᠨ᠎ᠳᠤ ᠮᠥᠨ᠎ᠴᠦ ᠵᠢᠷᠭᠠᠯᠲᠠᠢ ᠰᠠᠨᠠᠭᠳᠠᠭᠰᠠᠨ ᠪᠣᠯᠪᠠᠴᠤ ᠯᠤᠤ ᠬᠡ᠎ᠲᠡᠢ ᠠᠪᠳᠠᠷ᠎ᠠ᠎ᠨᠢ ᠣᠯᠠᠨ᠎ᠤ ᠬᠥᠯ᠎ᠳᠦ ᠲᠠᠯᠬᠢᠭᠳᠠᠬᠤ᠎ᠶᠢ ᠦᠵᠡᠭᠡᠳ ᠵᠢᠷᠦᠬᠡ᠎ᠨᠢ ᠵᠢᠮ ᠵᠢᠮ ᠪᠠᠵᠠᠯᠬᠢᠯᠠᠨ᠎ᠠ᠃

ᠵᠤᠤᠬᠠᠨ᠎ᠳᠤ ᠨᠠᠭᠠᠯᠳᠤᠭᠰᠠᠨ ᠬᠠᠪᠲᠠᠰᠤ᠎ᠨᠢ ᠰᠢᠲᠠᠵᠤ᠎ᠴᠤ ᠮᠡᠳᠡᠨ᠎ᠡ ᠭᠡᠳ ᠬᠠᠮᠠᠷ ᠯᠣᠳᠤᠨ ᠮᠠᠨᠴᠤᠷᠭᠠᠨ ᠬᠠᠮᠠᠷ᠎ᠢᠶᠠᠨ ᠴᠡᠨᠳᠡᠢᠯᠭᠡᠬᠦ᠎ᠳᠦ ᠵᠠᠯᠠᠭᠤ ᠴᠢᠪᠠᠭᠠᠨᠴᠠ᠎ᠨᠢ ᠲᠡᠭᠦᠨ᠎ᠢ ᠶᠣᠪᠤᠷᠴᠤ ᠠᠪᠤᠭᠠᠳ: 《ᠢᠩᠭᠢ᠂ ᠴᠢᠩᠭᠢ》 ᠭᠡᠪᠡ᠃ ᠬᠠᠮᠠᠷ ᠯᠣᠳᠤᠨ ᠬᠣᠭᠤᠯᠠ ᠬᠠᠮᠢᠶᠠᠷᠤᠭᠴᠢ᠎ᠳᠤ:

《ᠭᠤᠯᠢᠷ᠎ᠤᠨ ᠠᠪᠳᠠᠷ᠎ᠠ᠎ᠪᠠᠨ ᠵᠤᠤᠬ᠎ᠠ ᠲᠣᠭᠤᠭᠠᠨ᠎ᠠᠴᠠ ᠵᠢᠭᠠᠬᠠᠨ ᠵᠠᠢᠳᠠᠭᠤᠯᠤᠨ᠎ᠠ᠎ᠤᠤ? ᠬᠠᠯᠠᠭᠤᠨ ᠢᠯᠴᠢᠨ᠎ᠳᠦ ᠴᠢᠭᠢᠭ᠎ᠲᠡᠢ ᠭᠤᠯᠢᠷ ᠭᠠᠰᠢᠯᠵᠤ ᠮᠡᠳᠡᠨ᠎ᠡ ᠰᠢᠦ!》 ᠭᠡᠵᠦ ᠵᠥᠪᠯᠡᠯᠭᠡ ᠲᠠᠯᠪᠢᠭᠰᠠᠨ᠎ᠳᠤ ᠠᠪᠳᠠᠷ᠎ᠠ᠎ᠶᠢ᠎ᠨᠢ ᠨᠡᠭᠡᠷᠡᠨ ᠵᠤᠤᠬᠠᠨ᠎ᠠᠴᠠ ᠵᠠᠢᠳᠠᠭᠤᠯᠪᠠ᠃

ᠬᠡᠳᠦᠢ ᠲᠡᠢᠮᠦ ᠪᠣᠯᠪᠠᠴᠤ ᠴᠢᠭᠢᠭ᠎ᠲᠡᠢ ᠬᠡᠷᠡᠮ᠎ᠳᠦ ᠨᠠᠭᠠᠯᠳᠤᠭᠰᠠᠨ ᠠᠪᠳᠠᠷ᠎ᠠ᠎ᠶᠢᠨ ᠬᠢᠨᠢ ᠠᠷᠤ ᠬᠠᠪᠲᠠᠰᠤ᠎ᠨᠢ ᠬᠡᠳᠦᠬᠡᠨ ᠬᠣᠨᠤᠭ᠎ᠲᠤ ᠭᠠᠵᠢᠵᠤ ᠮᠤᠰᠢᠢᠭᠠᠳ᠂ ᠳᠣᠷᠰᠤᠢᠲᠠᠯ᠎ᠠ ᠠᠩᠭᠠᠢᠵᠠᠢ᠃

《ᠡᠪ ᠬᠠᠮᠲᠤ ᠶᠣᠰᠤᠨ᠎ᠳᠤ ᠬᠠᠯᠠᠭᠤᠨ᠎ᠲᠠᠢ ᠯᠣᠳᠤᠨ》 ᠭᠡᠳ ᠡᠭᠦᠷ ᠠᠷᠪᠠᠨ᠎ᠠᠴᠠ ᠣᠯᠠᠨ ᠤᠳᠠᠭ᠎ᠠ ᠮᠠᠭᠲᠠᠵᠤ ᠰᠠᠢᠰᠢᠶᠠᠪᠠ᠃ ᠭᠡᠪᠡᠴᠦ ᠰᠥᠨᠢ᠎ᠶᠢᠨ ᠭᠦᠨ ᠪᠣᠯᠵᠤ ᠬᠥᠮᠦᠨ ᠠᠮᠢᠲᠠᠨ᠎ᠤ ᠬᠥᠯ ᠬᠤᠷᠢᠶᠠᠭᠳᠠᠬᠤ ᠴᠠᠭ᠎ᠲᠤ ᠬᠠᠮᠠᠷ ᠯᠣᠳᠤᠨ ᠰᠢᠩᠭᠡᠨ ᠪᠤᠳᠠᠭᠠᠨ᠎ᠤ ᠰᠢᠩᠭᠡᠭᠰᠡᠨ ᠬᠣᠢᠨᠠᠬᠢ ᠵᠣᠪᠠᠭᠤᠷᠢ᠎ᠶᠢ ᠡᠳ᠋ᠯᠡᠨ ᠨᠣᠢᠷ ᠬᠣᠯᠬᠢᠨ ᠬᠡᠪᠲᠡᠬᠦ᠎ᠳᠡᠭᠡᠨ:

《ᠡᠪ ᠬᠠᠮᠲᠤ᠎ᠶᠢᠨ ᠨᠡᠢᠭᠡᠮ ᠮᠠᠷᠭᠠᠰᠢ ᠢᠷᠡᠴᠢᠬᠡᠨ᠎ᠡ᠃ ᠲᠡᠢᠮᠦ ᠰᠠᠢᠬᠠᠨ ᠨᠡᠢᠭᠡᠮ᠎ᠶᠦᠮ᠎ᠴᠢᠨᠢ ᠮᠠᠭᠤ ᠠᠪᠳᠠᠷ᠎ᠠ᠎ᠪᠠᠷ ᠶᠠᠭᠤ ᠬᠢᠬᠦ ᠪᠤᠢ? ᠯᠠᠪ ᠬᠡᠷᠡᠭ᠎ᠦᠭᠡᠢ ᠶᠠᠭᠤᠮᠠᠨ᠎ᠳᠤ ᠭᠠᠷᠭᠠᠵᠤ ᠬᠠᠶᠠᠬᠤ ᠪᠠᠢᠬᠤ ᠳ᠋ᠠ᠃ ᠡᠪ ᠬᠠᠮᠲᠤ ᠨᠡᠢᠭᠡᠮ᠎ᠦᠨ ᠡᠭᠦᠳᠡᠨ ᠭᠠᠳᠠᠨ᠎ᠠ ᠬᠣᠴᠤᠷᠬᠤ᠎ᠪᠠᠷ᠎ᠢᠶᠠᠨ ᠨᠠᠮᠵᠢᠯ ᠵᠠᠯᠠᠨ ᠬᠠᠷᠢᠨ ᠠᠪᠴᠢᠬᠠᠵᠤ ᠮᠡᠳᠡᠨ᠎ᠡ ᠰᠢᠤ᠂ ᠲᠡᠭᠦᠨ᠎ᠡᠴᠡ᠎ᠯᠡ ᠵᠠᠪᠳᠤᠶ᠎ᠠ! ᠁》 ᠭᠡᠵᠦ ᠣᠯᠢᠤ ᠰᠣᠯᠢᠤ ᠪᠣᠳᠤᠯ᠎ᠳᠤ ᠮᠤᠩᠬᠠᠷᠠᠳᠠᠭ᠎ᠢ᠎ᠨᠢ ᠬᠡᠨ᠎ᠴᠦ ᠮᠡᠳᠡᠭᠰᠡᠨ᠎ᠦᠭᠡᠢ᠃

ᠡᠢᠮᠦ ᠰᠠᠯᠬᠢ ᠡᠷᠭᠢᠭᠡᠳ ᠬᠣᠶᠠᠷ ᠵᠢᠯ ᠰᠠᠯᠬᠢᠯᠠᠭᠰᠠᠨ᠎ᠴᠤ ᠶᠠᠭᠠᠮᠠᠢ ᠳ᠋ᠠ !

ᠭᠣᠣᠯ ᠬᠠᠷᠠᠯᠠᠵᠤ ᠨᠣᠢᠷ ᠠᠯᠳᠠᠭᠰᠠᠨ ᠲᠡᠢᠮᠦ ᠨᠢᠭᠡ ᠰᠥᠨᠢ᠂ ᠬᠠᠮᠠᠷ ᠯᠣᠳᠤᠨ ᠤᠷᠪᠠᠨ ᠬᠦᠷᠪᠡᠨ ᠲᠡᠰᠬᠦ ᠠᠯᠳᠠᠷᠠᠬᠤ᠎ᠳᠠᠭᠠᠨ ᠵᠢᠭᠠᠬᠠᠨ ᠢᠳᠡᠬᠦ ᠶᠠᠭᠤᠮ᠎ᠠ ᠡᠷᠭᠢᠴᠡᠭᠦᠯᠬᠦ ᠰᠠᠨᠠᠭᠠᠲᠠᠢ ᠴᠢᠪᠠᠭᠠᠨᠴᠠ᠎ᠶᠢᠨ ᠬᠢ᠎ᠶᠢ ᠰᠡᠮᠬᠡᠨ ᠴᠢᠭᠯᠡᠪᠡ᠃ ᠳᠡᠮᠡᠢ ᠶᠠᠪᠤᠭᠰᠠᠨ᠎ᠦᠭᠡᠢ ᠬᠥᠯ᠎ᠨᠢ ᠥᠪᠡᠷ᠎ᠦᠨ ᠡᠷᠬᠡ᠎ᠦᠭᠡᠢ ᠬᠣᠭᠤᠯᠠᠨ ᠭᠡᠷ ᠤᠷᠤᠭᠤ ᠡᠷᠭᠢᠵᠦ ᠴᠣᠩᠬᠤ᠎ᠪᠠᠷ ᠡᠷᠬᠡ᠎ᠦᠭᠡᠢ ᠱᠠᠭᠠᠢᠵᠠᠢ᠃ ᠱᠠᠭᠠᠢᠬᠤ ᠲᠤᠲᠤᠮ ᠰᠠᠯᠬᠤ ᠳᠤᠷ᠎ᠠ᠎ᠦᠭᠡᠢ ᠪᠣᠯᠵᠤ᠂ ᠥᠩᠭᠡ ᠵᠢᠰᠦ᠎ᠪᠡᠨ ᠠᠯᠳᠠᠭᠰᠠᠨ ᠠᠪᠳᠠᠷ᠎ᠠ᠎ᠨᠢ ᠭᠣᠮᠤᠳᠠᠯ᠎ᠲᠠᠢ ᠴᠢᠷᠠᠢ᠎ᠪᠠᠷ ᠲᠡᠭᠦᠨ᠎ᠢ ᠭᠢᠯᠤᠢᠵᠤ ᠪᠠᠢᠭ᠎ᠠ᠎ᠰᠢᠭ᠋ ᠰᠠᠨᠠᠭᠳᠠᠭᠠᠳ᠂ ᠵᠢᠷᠦᠬᠡ ᠭᠣᠣᠯ᠎ᠨᠢ ᠰᠠᠪᠠᠯᠠᠵᠤ ᠳᠡᠯᠡᠰᠬᠦ᠎ᠳᠡᠭᠡᠨ ᠲᠡᠰᠴᠦ ᠴᠢᠳᠠᠭᠰᠠᠨ᠎ᠦᠭᠡᠢ ᠬᠠᠮᠠᠷ᠎ᠨᠢ ᠪᠤᠷᠬᠢᠷᠠᠨ ᠳᠣᠭᠤᠯᠠᠩ ᠨᠢᠯᠪᠤᠰᠤ ᠤᠨᠠᠭᠠᠪᠠ᠃ ᠡᠰᠡᠨ ᠪᠣᠰᠤᠨ᠎ᠢ ᠪᠣᠳᠤᠵᠤ ᠡᠰᠢ ᠲᠡᠰᠢ ᠠᠵᠢᠭᠠᠳ᠂ ᠰᠢᠯ᠎ᠦᠭᠡᠢ ᠴᠣᠩᠬᠤ᠎ᠪᠠᠷ ᠪᠠᠭᠲᠠᠵᠤ ᠶᠠᠳᠠᠨ ᠰᠢᠷᠭᠤᠪᠠ᠃

ᠭᠠᠷ᠎ᠲᠤ ᠲᠠᠭᠠᠷᠠᠵᠤ᠂ ᠨᠢᠳᠦᠨ᠎ᠳᠦ ᠥᠷᠳᠦᠭᠰᠡᠨ᠎ᠡᠴᠡ ᠭᠡᠵᠦ ᠰᠢᠨᠠᠭ᠎ᠠ ᠱᠦᠭᠦᠷ ᠡᠯᠭᠦᠳᠡᠭ ᠬᠠᠳᠠᠭᠠᠰᠤ᠎ᠠᠴᠠ ᠰᠤᠭᠤᠯᠤᠨ ᠠᠪᠴᠤ᠂ ᠪᠣᠣᠳᠤᠤ᠎ᠶᠢᠨ ᠮᠥᠷᠦ᠎ᠪᠡᠷ ᠠᠯᠤᠬ᠎ᠠ ᠪᠣᠯᠭᠠᠵᠤ᠂ ᠠᠪᠳᠠᠷ᠎ᠠ᠎ᠶᠢᠨ᠎ᠢᠶᠠᠨ ᠭᠠᠵᠢᠭᠰᠠᠨ ᠬᠠᠪᠲᠠᠰᠤ᠎ᠶᠢ ᠬᠠᠳᠠᠵᠤ ᠬᠠᠳᠠᠭᠠᠳ ᠠᠶᠠᠭᠠᠨ ᠵᠦᠯᠭᠦᠭᠦᠷ ᠬᠢᠭᠰᠡᠨ ᠠᠮᠠ ᠳᠠᠪᠤᠤ᠎ᠶᠢ᠎ᠨᠢ ᠰᠢᠭᠦᠷᠡᠨ ᠠᠪᠴᠤ᠂ ᠨᠢᠭᠤᠷ᠎ᠢ᠎ᠨᠢ ᠵᠦᠯᠭᠦᠵᠦ ᠭᠠᠷᠴᠠᠢ᠃ ᠤᠲᠤᠭᠠᠨ᠎ᠳᠤ ᠬᠠᠬᠠᠭᠰᠠᠨ ᠠᠯᠲᠠᠨ ᠯᠤᠤ᠎ᠨᠢ ᠨᠢᠳᠦ᠎ᠪᠡᠨ ᠪᠦᠯᠲᠡᠯᠵᠡᠭᠦᠯᠦᠨ᠂ ᠲᠣᠭᠤᠰᠤᠨ᠎ᠳᠤ ᠳᠠᠷᠤᠭᠳᠠᠭᠰᠠᠨ ᠠᠯᠤᠬᠠᠨ ᠬᠡ᠎ᠨᠢ ᠤᠯᠠᠭᠠᠨ ᠴᠠᠭᠠᠨ᠎ᠢᠶᠠᠨ ᠭᠢᠯᠪᠠᠭᠤᠯᠵᠤ ᠡᠬᠢᠯᠡᠬᠦ᠎ᠳᠦ ᠬᠠᠮᠠᠷ ᠯᠣᠳᠤᠨ ᠮᠠᠭᠠᠰᠠᠢᠵᠤ ᠪᠠᠶᠠᠰᠤᠭᠠᠳ ᠦᠷ ᠮᠠᠩᠬᠠᠢᠬᠤ᠎ᠶᠢ᠎ᠴᠤ ᠤᠪᠠᠢᠯᠠᠭᠰᠠᠨ᠎ᠦᠭᠡᠢ᠃

ᠭᠡᠨᠡᠳᠲᠡ ᠦᠰᠦᠲᠡᠢ ᠬᠠᠷ᠎ᠠ ᠭᠠᠷ ᠲᠡᠭᠦᠨ᠎ᠢ ᠵᠠᠭᠠᠮᠠᠳᠠᠵᠤ ᠠᠪᠤᠭᠠᠳ ᠳᠠᠢᠪᠢᠯᠵᠠᠲᠠᠯ᠎ᠠ ᠳᠤᠭᠲᠤᠷᠪᠠ᠃

ᠵᠣᠭ ᠲᠣᠰᠤᠭᠠᠳ ᠲᠣᠯᠤᠭᠠᠢ ᠡᠷᠭᠦᠪᠡᠯ ᠬᠣᠭᠤᠯᠠ ᠬᠠᠮᠢᠶᠠᠷᠤᠭᠴᠢ ᠬᠡᠳᠦᠨ ᠲᠣᠭᠤᠭᠠᠴᠢ᠎ᠲᠠᠢ᠎ᠪᠠᠨ ᠲᠡᠭᠦᠨ᠎ᠢ ᠪᠦᠰᠡᠯᠡᠵᠦ ᠠᠪᠤᠭᠠᠳ ᠪᠠᠷᠢᠵᠤ ᠢᠳᠡᠮᠡᠷ ᠠᠭᠠᠰᠢᠯᠠᠨ᠎ᠠ᠃ ᠲᠡᠳᠡ ᠭᠠᠷ ᠭᠠᠷ᠎ᠲᠠᠭᠠᠨ ᠭᠠᠯ᠎ᠤᠨ ᠰᠢᠯᠡᠭᠡᠪᠦᠷ ᠬᠠᠢᠴᠢ ᠬᠤᠰᠤᠭᠤᠷ ᠪᠠᠷᠢᠭᠰᠠᠨ᠎ᠠᠴᠠ ᠦᠵᠡᠬᠦ᠎ᠳᠦ ᠬᠡᠷᠡᠭ ᠶᠡᠷᠦ᠎ᠨᠢ ᠮᠠᠭᠤᠬᠠᠢ ᠪᠣᠯᠬᠤ ᠪᠣᠯᠤᠯᠲᠠᠢ!

《ᠬᠠᠮᠠᠷ ᠴᠢ ᠲᠣᠮᠤᠭᠠᠲᠠᠢ ᠬᠥᠮᠦᠨ ᠪᠠᠢᠭᠠᠳ ᠡᠢᠮᠦ ᠨᠢᠭᠤᠷ᠎ᠦᠭᠡᠢ ᠬᠡᠷᠡᠭ ᠦᠢᠯᠡᠳᠦᠨ᠎ᠡ ᠭᠡᠳᠡᠭ᠎ᠴᠢᠨᠢ! ᠥᠯᠦᠰᠦᠭᠰᠡᠨ ᠪᠣᠯ ᠪᠢᠳᠡᠨ᠎ᠳᠦ ᠬᠡᠯᠡᠨ᠎ᠡ ᠪᠢᠵᠡ!》 ᠭᠡᠵᠦ ᠬᠣᠭᠤᠯᠠ ᠬᠠᠮᠢᠶᠠᠷᠤᠭᠴᠢ ᠨᠢᠳᠦ ᠦᠵᠦᠭᠦᠷᠯᠡᠬᠦ᠎ᠳᠦ ᠬᠠᠮᠠᠷ ᠯᠣᠳᠤᠨ ᠪᠡᠷᠬᠡ ᠰᠠᠨᠳᠤᠷᠤᠭᠠᠳ:

《᠎ᠦᠭᠡᠢ᠂᠎ᠦᠭᠡᠢ᠂ ᠮᠢᠨᠦ ᠴᠠᠳᠭᠤᠯᠠᠩ᠎ᠢ ᠲᠡ᠊ ᠁ ᠲᠡᠭᠷᠢ ᠪᠠᠲᠤᠯᠠᠨ᠎ᠠ》 ᠭᠡᠵᠦ ᠪᠤᠯᠢᠬᠠᠢᠯᠠᠪᠠ᠃

《ᠳᠠᠯᠳᠠᠯᠠᠪᠠᠴᠤ ᠳᠠᠯᠤ᠎ᠴᠢᠨᠢ ᠢᠯᠡ! ᠦᠨᠡᠭᠡᠨ ᠬᠠᠷᠠᠩᠭᠤᠢ᠎ᠪᠠᠷ ᠬᠣᠭᠤᠯᠠᠨ ᠭᠡᠷ᠎ᠲᠦ ᠬᠤᠯᠠᠭᠤᠨ ᠣᠷᠤᠭᠠᠳ ᠶᠠᠭᠤ ᠬᠢᠬᠦ ᠭᠡᠰᠡᠨ᠎ᠶᠦᠮ? ᠪᠢᠳᠡ ᠬᠠᠷᠢᠨ ᠬᠢᠯᠠᠷ ᠳᠠᠮᠪᠢ ᠪᠢᠰᠢ ᠰᠢᠦ! ᠬᠠ ᠬᠠ᠂ ᠬᠠ᠂ ᠬᠠ ᠁》

《ᠴᠢ ᠠᠪᠳᠠᠷ᠎ᠠ᠎ᠠᠴᠠ ᠭᠤᠯᠢᠷ ᠲᠠᠭᠠᠷᠴᠤᠭᠯᠠᠬᠤ ᠭᠡᠰᠡᠨ᠎ᠴᠢᠨᠢ ᠦᠨᠡᠨ ᠪᠢᠵᠡ?》 《᠁》

ᠬᠠᠮᠠᠷ ᠯᠣᠳᠤᠨ ᠬᠠᠬᠠᠴᠢᠬᠠᠪᠠ᠃ ᠠᠪᠳᠠᠷ᠎ᠠ᠎ᠪᠠᠨ ᠵᠦᠯᠭᠦᠯ᠎ᠡ ᠭᠡᠪᠡᠯ ᠡᠪ ᠬᠠᠮᠲᠤᠴᠢᠯᠠᠬᠤ᠎ᠶᠢ ᠡᠰᠡᠷᠭᠦᠴᠡᠭᠰᠡᠨ᠎ᠳᠦ ᠣᠷᠤᠨ᠎ᠠ ᠰᠢᠤ᠃ ᠨᠠᠮᠵᠢᠯ ᠵᠠᠯᠠᠨ ᠬᠣᠭᠤᠯᠠᠨ ᠭᠡᠷ᠎ᠦᠨ ᠭᠠᠩ᠎ᠲᠠᠢ ᠤᠰᠤᠨ᠎ᠠᠴᠠ ᠠᠮᠠᠨ ᠴᠠᠩᠭᠠᠭ᠎ᠠ᠎ᠪᠠᠨ ᠭᠠᠷᠭᠠᠭᠠᠳ ᠤᠰᠤᠨ᠎ᠳᠤ ᠬᠣᠣᠷ ᠬᠢᠵᠦ᠂ ᠡᠪ ᠬᠠᠮᠲᠤᠴᠢᠯᠠᠬᠤ᠎ᠶᠢ ᠡᠰᠡᠷᠭᠦᠴᠡᠬᠦ ᠭᠡᠯ᠎ᠡ ᠭᠡᠵᠦ ᠬᠡᠯᠡ ᠠᠮᠠ ᠪᠣᠯᠤᠭᠠᠳ ᠬᠣᠶᠠᠷᠬᠠᠨ ᠬᠣᠨᠤᠵᠤ ᠪᠠᠢᠨ᠎ᠠ᠃ ᠬᠤᠯᠠᠭᠠᠢ ᠨᠡᠷ᠎ᠡ᠎ᠶᠢ ᠡᠭᠦᠷᠦᠭᠰᠡᠨ᠎ᠴᠦ ᠡᠪ ᠬᠠᠮᠲᠤᠴᠢᠯᠠᠬᠤ᠎ᠶᠢ ᠡᠰᠡᠷᠭᠦᠴᠡᠭᠰᠡᠨ ᠶᠠᠯ᠎ᠠ᠎ᠳᠤ ᠪᠤᠤ ᠣᠷᠤᠶ᠎ᠠ! 《ᠪᠢ ᠥᠯᠦᠰᠦᠭᠡᠳ ᠲᠡᠰᠬᠦ᠎ᠦᠭᠡᠢ᠎ᠳᠡᠭᠡᠨ ᠁》 ᠭᠡᠵᠦ ᠬᠠᠮᠠᠷ ᠯᠣᠳᠤᠨ ᠳᠣᠭᠤᠤᠷ ᠬᠠᠷᠠᠨ ᠳᠣᠷᠤᠢ ᠳᠤᠤᠭᠠᠷᠪᠠ᠃ ᠬᠣᠷᠤᠮᠬᠠᠨ ᠵᠠᠭᠤᠷ᠎ᠠ ᠲᠠᠯ᠎ᠠ ᠲᠤᠯᠠ ᠬᠠᠷ᠎ᠠ ᠭᠤᠯᠢᠷ᠎ᠤᠨ ᠮᠠᠨᠲᠠᠤ᠂ ᠬᠣᠶᠠᠷ ᠭᠤᠷᠪᠠᠨ ᠲᠦᠭᠦᠬᠡᠢ ᠲᠥᠮᠦᠰᠦ ᠁ ᠭᠠᠷ᠎ᠲᠤ ᠠᠳᠭᠤᠭ᠎ᠠ ᠠᠶᠠᠭᠠᠨ ᠵᠦᠯᠭᠦᠭᠦᠷ᠎ᠲᠦᠨᠢ ᠪᠥᠮᠪᠦᠯᠵᠡᠨ ᠣᠷᠤᠭᠠᠳ ᠬᠡᠳᠦᠨ ᠦᠰᠦᠭ᠎ᠲᠡᠢ ᠭᠤᠷᠪᠠᠯᠵᠢᠨ ᠴᠠᠭᠠᠨ ᠳᠤᠭ ᠵᠠᠭᠠᠮᠠᠨ᠎ᠳᠤᠨᠢ ᠬᠠᠳᠭᠤᠭᠳᠠᠪᠠ᠃

ᠬᠣᠭᠤᠯᠠ ᠬᠠᠮᠢᠶᠠᠷᠤᠭᠴᠢ᠎ᠶᠢᠨ ᠵᠣᠪᠠᠯᠠᠩ ᠪᠤᠢ᠃ ᠣᠢᠷ᠎ᠠ᠎ᠠᠴᠠ ᠶᠡᠷᠦ᠎ᠨᠢ ᠬᠣᠭᠤᠯᠠᠨ ᠭᠡᠷ᠎ᠦᠨ ᠬᠠᠮᠤᠵᠤ ᠴᠤᠭᠯᠠᠭᠤᠯᠤᠭᠰᠠᠨ ᠵᠢᠭᠠᠬᠠᠨ ᠬᠦᠨᠡᠰᠦ᠎ᠨᠢ ᠢᠷᠤᠭᠠᠷ ᠭᠠᠷᠬᠤ ᠲᠡᠰᠢ ᠬᠠᠨᠳᠤᠭᠠᠳ ᠳᠠᠭᠠᠭᠠᠮᠠᠯ ᠰᠠᠭᠤᠭᠰᠠᠨ ᠲᠡᠭᠦᠨ᠎ᠢ ᠬᠡᠴᠡᠭᠦᠦ ᠰᠠᠨᠳᠤᠷᠭᠠᠵᠠᠢ᠃ ᠳᠡᠭᠡᠭᠰᠢ᠎ᠪᠡᠨ ᠮᠡᠳᠡᠭᠦᠯᠪᠡᠯ: ᠡᠪ ᠬᠠᠮᠲᠤ᠎ᠶᠢᠨ ᠦᠢᠯᠡᠰ᠎ᠲᠦ ᠡᠷᠴᠢ ᠨᠡᠮᠡᠬᠦ᠎ᠡᠴᠡ ᠪᠢᠰᠢ ᠰᠤᠯᠠᠷᠠᠭᠤᠯᠵᠤ ᠶᠠᠭᠠᠬᠢᠭᠰᠠᠨ᠎ᠴᠤ ᠪᠣᠯᠬᠤ᠎ᠦᠭᠡᠢ᠂ ᠡᠪ ᠬᠠᠮᠲᠤ ᠶᠣᠰᠤᠨ᠎ᠳᠤ ᠢᠲᠡᠭᠡᠯ ᠠᠯᠳᠠᠬᠤ ᠪᠣᠯ ᠠᠶᠤᠯᠲᠠᠢ! ᠭᠡᠰᠡᠨ ᠵᠢᠮ᠎ᠡ ᠬᠦᠯᠢᠶᠡᠨ᠎ᠡ᠃ ᠲᠡᠢᠨ᠎ᠬᠦ ᠠᠷᠭ᠎ᠠ᠎ᠦᠭᠡᠢ᠎ᠳᠠᠭᠠᠨ ᠵᠢᠩ᠎ᠦᠨ ᠣᠳᠤ᠎ᠶᠢ ᠢᠳᠡᠭ ᠢᠳᠡᠭ᠎ᠢᠶᠡᠷ ᠳᠠᠷᠤᠵᠤ᠂ ᠥᠳᠭᠡᠨ᠎ᠢ ᠰᠢᠩᠭᠡᠨ ᠪᠣᠯᠭᠠᠨ ᠬᠤᠪᠢᠷᠠᠭᠤᠯᠤᠭᠰᠠᠭᠠᠷ ᠴᠠᠳᠬᠤ᠎ᠶᠢ ᠪᠠᠢᠲᠤᠭᠠᠢ᠂ ᠥᠯ ᠳᠠᠷᠤᠵᠤ᠎ᠴᠤ ᠳᠡᠢᠯᠬᠦ᠎ᠦᠭᠡᠢ ᠬᠡᠮᠵᠢᠶᠡᠨ᠎ᠳᠦ ᠬᠦᠷᠭᠡᠪᠡ᠃ ᠣᠯᠠᠨ᠎ᠤ ᠳᠤᠮᠳᠠ ᠱᠤᠤᠭᠢᠶᠠᠨ ᠪᠣᠯᠵᠤ ᠪᠠᠢᠨ᠎ᠠ᠃ ᠬᠠᠮᠠᠷ ᠯᠣᠳᠤᠨ᠎ᠢᠶᠠᠷ ᠬᠠᠷᠠᠭ᠎ᠠ ᠪᠣᠯᠭᠠᠵᠤ ᠪᠠᠢᠭᠠᠳ ᠪᠥᠭᠡᠮ ᠶᠠᠷᠢᠶ᠎ᠠ᠎ᠶᠢ ᠳᠠᠷᠤᠬᠤ᠎ᠨᠢ᠎ᠴᠤ ᠪᠠᠰᠠ ᠨᠢᠭᠡ ᠠᠷᠭ᠎ᠠ ᠡ!

ᠬᠠᠮᠠᠷ ᠯᠣᠳᠤᠨ ᠴᠡᠴᠡᠷᠡᠵᠦ ᠪᠥᠬᠦᠢᠭᠰᠡᠭᠡᠷ ᠭᠠᠳᠠᠭ᠎ᠠ ᠡᠭᠦᠳᠡᠨ᠎ᠦ ᠲᠤᠰᠢᠶ᠎ᠠ ᠭᠣᠩᠰᠤᠢᠵᠤ ᠵᠣᠭᠰᠤᠲᠠᠯ᠎ᠠ ᠴᠠᠪ᠎ᠤᠨ ᠳᠤᠩ ᠳᠦᠩᠭᠢᠨᠡᠵᠦ ᠡᠬᠢᠯᠡᠯ᠎ᠡ᠃ ᠢᠯᠠᠢ᠎ᠮᠢᠨᠢ! ᠭᠤᠷᠪᠠᠨ ᠬᠣᠲᠠ ᠳᠥᠷᠪᠡᠨ ᠤᠰᠤᠨ᠎ᠤ ᠠᠬᠠᠰ ᠵᠠᠬᠠᠰ᠎ᠲᠠᠢ ᠪᠢ ᠶᠠᠮᠠᠷ ᠨᠢᠭᠤᠷ᠎ᠢᠶᠠᠷ ᠵᠣᠯᠭᠠᠨ᠎ᠠ? ᠭᠡᠵᠦ ᠪᠣᠳᠤᠮᠠᠭᠴᠠ ᠬᠠᠮᠠᠷ ᠯᠣᠳᠤᠨ᠎ᠤ ᠬᠠᠮᠤᠭ ᠪᠡᠶ᠎ᠡ᠎ᠡᠴᠡ ᠬᠦᠢᠲᠡᠨ ᠬᠥᠯᠦᠰᠦ ᠴᠢᠬᠠᠷᠠᠵᠤ᠂ ᠪᠣᠯᠳᠠᠭ᠎ᠰᠠᠨ ᠪᠣᠯ ᠰᠢᠷᠭᠤᠯᠵᠢ᠎ᠶᠢᠨ ᠨᠦᠬᠡ᠎ᠪᠡᠷ᠎ᠴᠦ ᠰᠢᠷᠭᠤᠴᠢᠬᠠᠮᠠᠷ ᠰᠠᠨᠠᠭᠳᠠᠨ᠎ᠠ᠃

ᠪᠥᠭᠡᠮ ᠬᠥᠮᠦᠨ ᠬᠠᠮᠠᠷ ᠯᠣᠳᠤᠨ᠎ᠢ ᠬᠦᠷᠢᠶᠡᠯᠡᠨ ᠱᠣᠬᠤᠭᠤᠷᠠᠬᠤ᠎ᠳᠤ ᠨᠢᠭᠤᠷ ᠴᠢᠬᠢ᠎ᠨᠢ ᠨᠢᠯ ᠨᠢᠯ ᠬᠢᠨ ᠬᠠᠯᠠᠭᠤ ᠣᠷᠭᠢᠨ᠎ᠠ᠃

《ᠬᠦᠢ᠂ ᠬᠠᠮᠠᠷ᠎ᠴᠢᠨᠢ ᠰᠤᠷᠮᠠᠭᠠᠢ ᠬᠤᠯᠠᠭᠠᠢᠴᠢ ᠪᠠᠢᠭᠰᠠᠨ᠎ᠶᠤᠮ ᠪᠠᠢᠵᠤ ᠰᠢᠤ ᠳ᠋ᠠ 》 ᠭᠡᠵᠦ ᠬᠡᠨ ᠨᠢᠭᠡ᠎ᠨᠢ ᠬᠠᠯᠪᠠᠯᠵᠠᠨ ᠳᠡᠷᠪᠡᠯᠵᠡᠬᠦ ᠴᠠᠭᠠᠨ ᠲᠤᠭ᠎ᠢ ᠵᠢᠭᠠᠨ᠎ᠠ᠃

《ᠳᠠᠩᠴᠢ ᠲᠡᠢᠮᠦ ᠪᠠᠢᠬᠤ ᠳ᠋ᠠ᠃ ᠣᠢᠷ᠎ᠠ᠎ᠠᠴᠠ ᠪᠢᠳᠡ ᠶᠡᠷᠦ᠎ᠨᠢ ᠴᠠᠳᠭᠤᠯᠠᠩ ᠶᠠᠪᠤᠭ᠎ᠠ᠎ᠦᠭᠡᠢ ᠰᠢᠤ᠃ ᠪᠠᠢᠳᠠᠭ ᠥᠳᠭᠡᠨ᠎ᠢ᠎ᠨᠢ ᠬᠠᠮᠠᠷ᠎ᠮᠢᠨᠢ ᠬᠠᠭᠤᠷᠠᠢᠯᠠᠭᠠᠳ ᠰᠢᠩᠭᠡᠨ ᠱᠤᠩᠭᠤᠨ᠎ᠨᠢ ᠮᠠᠨ᠎ᠤ ᠪᠣᠯᠤᠭᠰᠠᠨ᠎ᠶᠤᠮ᠎ᠴᠢᠨᠢ!》

《ᠥᠪᠡᠷ᠎ᠢᠶᠡᠨ ᠬᠦᠷᠦᠭᠰᠡᠨ᠎ᠢᠶᠡᠷ ᠪᠠᠷᠠᠬᠤ᠎ᠦᠭᠡᠢ᠂ ᠴᠢᠪᠠᠭᠠᠨᠴᠠ᠎ᠳᠠᠭᠠᠨ ᠬᠡᠳᠦᠢ ᠵᠥᠭᠡᠭᠡᠭᠰᠡᠨ ᠪᠣᠯ? ᠁》

ᠴᠢᠪᠠᠭᠠᠨᠴᠠ? ᠵᠠᠯᠠᠭᠤ ᠴᠢᠪᠠᠭᠠᠨᠴᠠ ᠡᠨᠡ ᠦᠶᠡᠰ ᠪᠤᠤ᠎ᠯᠠ ᠦᠵᠡᠭᠳᠡᠭᠡᠰᠡᠢ ᠳ᠋ᠠ ! ᠬᠥᠬᠡ ᠴᠠᠢ᠎ᠳᠠᠭᠠᠨ ᠬᠥᠯᠦᠷᠡᠭᠡᠳ ᠬᠣᠭᠤᠯᠠ ᠢᠳᠡᠬᠦ᠎ᠪᠡᠨ ᠮᠠᠷᠲᠠᠭᠰᠠᠨ᠎ᠴᠤ ᠶᠠᠭᠠᠮᠠᠢ᠂ ᠶᠠᠳᠠᠪᠠᠯ ᠤᠷᠢᠳᠤ ᠰᠥᠨᠢ ᠲᠠᠭᠰᠢᠭᠤᠷ᠎ᠲᠤ ᠳᠠᠭᠠᠷᠢᠭᠳᠠᠭᠠᠳ ᠶᠣᠢᠯᠠᠨ ᠬᠡᠪᠲᠡᠭᠰᠡᠨ᠎ᠴᠦ ᠶᠠᠭᠠᠮᠠᠢ ᠁ ᠭᠡᠵᠦ ᠬᠠᠮᠠᠷ ᠯᠣᠳᠤᠨ ᠳᠣᠲᠤᠷ᠎ᠠ᠎ᠪᠠᠨ ᠵᠠᠯᠪᠠᠷᠢᠨ᠎ᠠ᠃

ᠭᠡᠪᠡᠴᠦ ᠬᠠᠮᠠᠷ ᠯᠣᠳᠤᠨ᠎ᠤ ᠮᠠᠭᠤ᠎ᠶᠢ᠎ᠨᠢ ᠮᠠᠯᠲᠠᠵᠤ ᠮᠤᠬᠤᠷ᠎ᠢ᠎ᠨᠢ ᠲᠥᠭᠡᠯᠡᠬᠦ ᠭᠡᠰᠡᠨ᠎ᠶᠦᠮ᠎ᠰᠢᠭ ᠶᠠᠭ ᠡᠨᠡ ᠭᠠᠯ ᠬᠥᠭ ᠳᠡᠭᠡᠷ᠎ᠡ᠎ᠨᠢ ᠵᠠᠯᠠᠭᠤ ᠴᠢᠪᠠᠭᠠᠨᠴᠠ ᠲᠠᠯᠪᠢᠭᠠᠳ ᠢᠷᠡᠵᠡᠢ᠃ ᠵᠠᠭᠷᠠᠢᠮ᠎ᠠ ᠲᠡᠭᠦᠨ᠎ᠦ ᠡᠮᠦᠨ᠎ᠡ ᠤᠳᠠᠲᠠᠯ᠎ᠠ ᠮᠡᠯᠡᠷᠡᠵᠦ ᠵᠣᠭᠰᠤᠭᠰᠠᠨ᠎ᠢᠶᠠᠨ ᠭᠡᠨᠡᠳᠲᠡ ᠠᠯᠠᠭ᠎ᠠ᠎ᠪᠠᠷ᠎ᠢᠶᠠᠨ ᠨᠢᠭᠤᠷ᠎ᠢᠶᠠᠨ ᠳᠠᠷᠤᠭᠠᠳ ᠬᠠᠢᠯᠠᠵᠤ ᠮᠠᠢᠯᠠᠭᠰᠠᠭᠠᠷ ᠪᠤᠴᠠᠵᠤ ᠭᠦᠶᠦᠪᠡ᠃

ᠬᠠᠮᠠᠷ ᠯᠣᠳᠤᠨ ᠨᠢᠭᠤᠷ᠎ᠢᠶᠠᠨ ᠢᠩᠭᠢᠵᠦ ᠪᠠᠷᠠᠵᠤ ᠭᠦᠢᠴᠡᠭᠡᠳ᠂ ᠬᠠᠭᠠᠰ ᠰᠠᠷ᠎ᠠ ᠪᠣᠯᠤᠳ᠎ᠤᠨ ᠵᠤᠤᠬᠠᠨ᠎ᠳᠤ ᠭᠠᠯ ᠨᠡᠮᠡᠬᠦ ᠲᠣᠷᠭᠠᠭᠤᠯᠢ᠎ᠳᠤ ᠤᠨᠠᠵᠠᠢ᠃ ᠪᠢᠲᠡᠭᠦᠦ ᠲᠣᠭᠯᠠᠭᠠᠮ᠎ᠳᠤ ᠤᠴᠠᠷᠠᠭᠰᠠᠨ ᠬᠠᠮᠠᠷ ᠯᠣᠳᠤᠨ ᠵᠣᠪᠠᠯᠠᠩ᠎ᠢᠶᠠᠨ ᠲᠣᠭᠠᠴᠢᠬᠤ ᠭᠠᠵᠠᠷ᠎ᠦᠭᠡᠢ᠎ᠳᠠᠭᠠᠨ ᠵᠠᠯᠠᠭᠤ ᠴᠢᠪᠠᠭᠠᠨᠴᠠ᠎ᠪᠠᠨ ᠡᠷᠢᠨ ᠣᠴᠢᠪᠠ᠃ ᠠᠢ ᠯᠠᠮᠠ ᠡ! ᠵᠠᠭᠷᠠᠢᠮ᠎ᠠ᠎ᠨᠢ ᠴᠠᠢ᠎ᠴᠤ᠎ᠦᠭᠡᠢ᠂ ᠴᠢᠷᠠᠢ᠎ᠴᠤ᠎ᠦᠭᠡᠢ ᠤᠭᠲᠤᠭᠠᠳ:

《ᠰᠢᠷᠢᠨ ᠨᠢᠭᠤᠷ᠎ᠢᠶᠠᠷ ᠮᠢᠨᠦ ᠬᠠᠲᠠᠪᠴᠢ᠎ᠶᠢ ᠠᠯᠬᠤᠪᠠ᠎ᠤᠤ? ᠰᠢᠭᠢᠷ᠎ᠡ᠎ᠪᠡᠨ ᠲᠠᠲᠠᠭᠰᠠᠨ᠎ᠴᠢᠨᠢ ᠳᠡᠭᠡᠷ᠎ᠡ᠎ᠦᠭᠡᠢ᠎ᠦᠦ?》 ᠭᠡᠳ ᠵᠥᠷᠢᠭᠦᠦ ᠬᠠᠷᠠᠴᠢᠬᠠᠪᠠ᠃

《ᠪᠠᠢᠭ᠂ ᠪᠢ ᠲᠡᠢᠮᠦ ᠪᠢᠰᠢ ᠁》 ᠭᠡᠵᠦ ᠬᠠᠮᠠᠷ ᠯᠣᠳᠤᠨ ᠬᠡᠯᠡᠭᠡᠢᠷᠡᠵᠦ ᠭᠠᠷᠲᠠᠯ᠎ᠠ:

《ᠪᠠᠢᠭ ᠴᠠᠰᠢ!ᠮᠢᠨᠦ ᠨᠢᠭᠦᠯ ᠪᠠᠷᠠᠬᠤ᠎ᠦᠭᠡᠢ ᠭᠡᠳ ᠨᠡᠮᠡᠬᠦ᠎ᠨᠢ᠎ᠦᠦ? ᠬᠠᠷᠠᠯᠠ ᠭᠡᠮ᠂ ᠥᠨᠦᠳᠦᠷ᠎ᠡᠴᠡ ᠬᠣᠢᠰᠢ ᠶᠡᠷᠦ᠎ᠨᠢ ᠬᠤᠪᠢ ᠬᠤᠪᠢ᠎ᠪᠠᠨ᠎ᠯᠠ ᠬᠥᠭᠡᠭᠡᠶ᠎ᠡ!》 ᠭᠡᠳ ᠵᠠᠯᠠᠭᠤ ᠴᠢᠪᠠᠭᠠᠨᠴᠠ ᠱᠦᠭᠦᠷ᠎ᠢᠶᠡᠨ ᠪᠠᠷᠢᠵᠤ ᠱᠠᠯᠠ᠎ᠪᠠᠨ ᠱᠦᠭᠦᠷᠳᠡᠵᠦ ᠡᠬᠢᠯᠡᠪᠡ᠃

ᠶᠢᠷᠲᠢᠨᠴᠦ ᠳᠡᠭᠡᠷ᠎ᠡ ᠨᠢᠭᠤᠷ᠎ᠯᠠ ᠬᠡᠷᠡᠭᠲᠡᠢ᠎ᠶᠦᠮ ᠪᠠᠢᠨ᠎ᠠ᠂ ᠲᠡᠭᠦᠨ᠎ᠢ ᠠᠯᠳᠠᠪᠠᠯ ᠶᠣᠰᠤ᠎ᠲᠠᠢ᠎ᠴᠤ ᠶᠣᠰᠤ᠎ᠦᠭᠡᠢ ᠪᠣᠯᠵᠤ᠂ ᠬᠠᠨᠢᠯᠠᠭᠰᠠᠨ ᠡᠮ᠎ᠡ᠎ᠴᠦ ᠰᠠᠯᠵᠤ ᠶᠠᠪᠤᠳᠠᠭ᠎ᠶᠤᠮ ᠪᠠᠢᠨ᠎ᠠ᠃ ᠬᠠᠮᠠᠷ ᠯᠣᠳᠤᠨ ᠭᠣᠩᠰᠤᠢᠵᠤ ᠬᠠᠷᠢᠬᠤ᠎ᠳᠠᠭᠠᠨ ᠢᠩᠭᠢᠵᠦ ᠪᠣᠳᠤᠪᠠ᠃

ᠬᠠᠯᠠ ᠲᠠᠮᠤ᠎ᠪᠠᠨ ᠠᠮᠰᠠᠵᠤ᠂ ᠬᠠᠨᠢ᠎ᠪᠠᠨ ᠠᠯᠳᠠᠭᠰᠠᠨ ᠬᠠᠮᠠᠷ ᠯᠣᠳᠤᠨ᠎ᠴᠤ ᠶᠠᠭᠠᠬᠢᠬᠤᠪ᠂ ᠳᠤᠭᠤᠢ ᠨᠣᠮᠤᠢ ᠠᠮᠢᠳᠤᠷᠠᠭᠰᠠᠭᠠᠷ᠎ᠯᠠ᠃ ᠬᠠᠷᠢᠨ ᠥᠨᠥ ᠰᠦᠷᠡᠬᠡᠢ ᠬᠡᠢ ᠭᠣᠷᠢᠳᠠᠯ᠂ ᠪᠡᠯᠭᠡ ᠳᠡᠮᠪᠡᠷᠢᠯ᠎ᠦᠨ ᠳᠤᠮᠳᠠ ᠱᠠᠩᠳᠠᠭᠤᠷᠠᠵᠤ ᠪᠠᠢᠭᠰᠠᠨ ᠡᠪ ᠬᠠᠮᠲᠤ᠎ᠶᠢᠨ ᠰᠠᠯᠬᠢ᠎ᠨᠢ ᠳᠡᠮᠡᠢ ᠬᠣᠶᠠᠷ ᠰᠠᠷ᠎ᠠ ᠶᠠᠪᠤᠭᠳᠠᠭᠰᠠᠨ᠎ᠦᠭᠡᠢ ᠬᠡᠢ᠎ᠨᠢ ᠭᠠᠷᠤᠭᠰᠠᠨ ᠲᠤᠯᠤᠮ ᠬᠥᠭᠡᠷᠭᠡ᠎ᠰᠢᠭ ᠠᠶᠠᠨᠳᠠᠭᠠᠨ ᠬᠠᠮᠰᠢᠢᠬᠤ᠎ᠳᠤ ᠬᠦᠷᠴᠦ᠂ ᠬᠠ ᠶᠠ᠎ᠦᠭᠡᠢ ᠰᠡᠭᠦᠷᠡᠰᠦ ᠠᠯᠳᠠᠭᠰᠠᠨ ᠬᠥᠭᠡᠷᠦᠬᠦᠢ ᠳᠠᠭᠤᠨ᠎ᠤ ᠳᠤᠮᠳᠠ ᠨᠤᠷᠠᠩᠬᠠᠢ ᠵᠤᠤᠬᠠᠨ᠎ᠤ ᠪᠠᠭᠤᠷᠢ᠂ ᠳᠤᠲᠠᠭᠤ ᠬᠠᠢᠯᠤᠭᠰᠠᠨ ᠬᠦᠳᠡᠷ᠎ᠦᠨ ᠵᠠᠷᠢᠮᠳᠤᠭ᠎ᠢᠶᠠᠨ ᠳᠤᠷᠠᠰᠭᠠᠯ ᠪᠣᠯᠭᠠᠨ ᠦᠯᠡᠳᠡᠭᠡᠵᠦ ᠠᠷᠢᠯᠪᠠ᠃

ᠬᠣᠭᠤᠯᠠᠨ ᠭᠡᠷ ᠪᠤᠰᠤᠷᠤᠭᠰᠠᠨ ᠴᠢᠮᠡᠭᠡ᠎ᠪᠡᠷ ᠬᠠᠮᠠᠷ ᠯᠣᠳᠤᠨ 《ᠡᠪ ᠬᠠᠮᠲᠤ ᠶᠣᠰᠤ》ᠢ᠋ᠢ ᠮᠥᠷᠦᠭᠡᠳᠬᠦ ᠵᠠᠪ᠎ᠦᠭᠡᠢ᠂ ᠰᠢᠭᠤᠳ ᠵᠦᠢᠷᠡᠢ ᠠᠪᠳᠠᠷ᠎ᠠ᠎ᠪᠠᠨ ᠲᠡᠭᠡᠭᠡᠭᠡᠳ ᠭᠡᠷ ᠥᠭᠡᠳᠡ᠎ᠪᠡᠨ ᠭᠣᠳᠤᠢᠵᠠᠢ᠃ ᠬᠣᠰᠢᠭᠤ ᠰᠤᠮᠤᠨ᠎ᠤ ᠳᠠᠷᠤᠭ᠎ᠠ ᠲᠡᠭᠦᠨ᠎ᠡᠴᠡ ᠰᠠᠨᠠᠯ ᠬᠤᠷᠢᠶᠠᠨ ᠲᠥᠯᠦᠪᠦᠷᠢ ᠪᠤᠴᠠᠭᠠᠬᠤ᠎ᠶᠢ ᠵᠥᠪᠰᠢᠭᠰᠡᠨ᠎ᠳᠦ ᠬᠠᠮᠠᠷ ᠯᠣᠳᠤᠨ ᠬᠠᠷᠢᠨ:

《ᠰᠠᠨᠠᠯ᠎ᠦᠭᠡᠢ᠂ ᠰᠠᠨᠠᠯ᠎ᠦᠭᠡᠢ᠂ ᠡᠢᠮᠦ ᠰᠠᠯᠬᠢ ᠡᠷᠭᠢᠭᠡᠳ ᠬᠣᠶᠠᠷ ᠵᠢᠯ ᠰᠠᠯᠬᠢᠯᠠᠭᠰᠠᠨ᠎ᠴᠤ ᠶᠠᠭᠠᠮᠠᠢ ᠳ᠋ᠠ !》 ᠭᠡᠳ ᠢᠷᠡᠭᠰᠡᠨ ᠵᠣᠴᠢᠳ᠎ᠢᠶᠠᠨ ᠢᠨᠢᠶᠡᠬᠦ᠎ᠶᠢᠨ᠎ᠴᠦ ᠠᠷᠭ᠎ᠠ᠎ᠦᠭᠡᠢ᠂ ᠤᠬᠢᠯᠠᠬᠤ᠎ᠶᠢᠨ ᠠᠷᠭ᠎ᠠ᠎ᠦᠭᠡᠢ ᠪᠣᠯᠭᠠᠵᠠᠢ᠃

ᠠᠪᠳᠠᠷ᠎ᠠ᠎ᠪᠠᠨ ᠣᠯᠤᠭᠠᠳ᠂ ᠴᠢᠪᠠᠭᠠᠨᠴᠠ᠎ᠪᠠᠨ ᠰᠠᠨᠠᠪᠠ᠃ ᠵᠥᠪ᠎ᠢᠶᠡᠨ ᠣᠯᠵᠤ ᠵᠦᠭ᠎ᠢᠶᠡᠨ ᠭᠠᠷᠭᠠᠭᠰᠠᠨ᠎ᠢ᠎ᠮᠢᠨᠢ ᠵᠠᠭᠷᠠᠢᠮ᠎ᠠ ᠴᠢᠬᠢ᠎ᠲᠡᠢ᠎ᠯᠡ ᠲᠥᠷᠦᠭᠰᠡᠨ ᠪᠣᠯ ᠰᠣᠨᠤᠰᠤᠭᠰᠠᠨ ᠪᠠᠢᠬᠤ᠃ ᠰᠠᠢᠨ ᠯᠣᠳᠤᠨ᠎ᠢᠶᠠᠨ ᠮᠠᠭᠤ ᠯᠣᠳᠤᠨ᠎ᠢᠶᠠᠷ ᠬᠠᠷᠠᠳᠠᠵᠤ᠂ ᠬᠠᠮᠠᠷ᠎ᠢᠶᠠᠨ ᠬᠡᠴᠡᠭᠦᠦ ᠭᠣᠮᠤᠳᠠᠭᠠᠯ᠎ᠠ ᠭᠡᠳ ᠠᠮᠠ ᠨᠡᠭᠡᠭᠡᠬᠦ᠎ᠡᠴᠡ ᠰᠢᠷᠭᠢᠵᠦ ᠪᠠᠢᠯᠭᠦᠢ᠂ ᠨᠢᠭᠤᠷ᠎ᠤᠨ ᠠᠷᠠᠰᠤ ᠵᠤᠵᠠᠭᠠᠨ᠎ᠢᠶᠠᠷ᠎ᠢᠶᠠᠨ ᠪᠢ ᠳᠤᠭᠤᠢ᠎ᠯᠠ ᠣᠴᠢᠶ᠎ᠠ ! ᠬᠡᠳᠦᠨ ᠰᠠᠢᠬᠠᠨ ᠦᠭᠡ ᠰᠣᠨᠤᠰᠪᠠᠯ ᠬᠠᠭᠤᠴᠢᠨ ᠨᠠᠢᠷ ᠰᠡᠷᠭᠦᠵᠦ ᠪᠣᠯᠬᠤ ᠶᠠᠭᠤ ᠮᠠᠭᠠᠳ! ᠭᠡᠵᠦ ᠪᠣᠳᠤᠭᠠᠳ ᠬᠠᠮᠠᠷ ᠯᠣᠳᠤᠨ ᠬᠣᠷᠭᠤ᠎ᠶᠢᠨ ᠢᠷᠤᠭᠠᠷ᠎ᠠᠴᠠ᠎ᠪᠠᠨ ᠨᠣᠭᠤᠭᠠᠨ ᠳᠤᠷᠳᠤᠩ ᠠᠯᠴᠢᠭᠤᠷ ᠠᠪᠴᠤ ᠡᠪᠦᠷᠯᠡᠭᠡᠳ᠂ ᠰᠢᠷ᠎ᠠ ᠪᠦᠷᠦᠢ᠎ᠶᠢ ᠵᠠᠪᠳᠤᠨ ᠣᠪᠤᠭᠠᠨ ᠠᠷᠤ᠎ᠶᠢ ᠰᠡᠮ ᠴᠢᠭᠯᠡᠪᠡ᠃

ᠵᠠᠯᠠᠭᠤ ᠴᠢᠪᠠᠭᠠᠨᠴᠠ ᠲᠡᠭᠦᠨ᠎ᠢ ᠦᠵᠡᠭᠡᠳ ᠭᠢᠯᠠᠪ ᠴᠢᠯᠡᠪ ᠬᠢᠭᠰᠡᠨ᠎ᠦᠭᠡᠢ ᠪᠣᠯᠪᠠᠴᠤ ᠠᠶ᠎ᠠ᠎ᠪᠠᠷ ᠳᠡᠮᠡᠢ᠎ᠯᠡ ᠪᠠᠢᠨ᠎ᠠ᠂ ᠵᠤᠤᠮᠠᠯᠵᠠᠨ ᠢᠨᠢᠶᠡᠭᠰᠡᠭᠡᠷ ᠬᠠᠮᠠᠷ ᠯᠣᠳᠤᠨ᠎ᠲᠠᠢ ᠪᠢᠰᠢ ᠬᠠᠷᠢᠨ ᠬᠣᠷᠯᠣ ᠡᠪᠦᠭᠡᠨ᠎ᠦ ᠬᠥᠯᠦᠰᠦᠯᠡᠭᠰᠡᠨ ᠬᠡᠯᠡᠭᠡᠢ ᠬᠣᠨᠢᠴᠢᠨ᠎ᠲᠠᠢ ᠪᠡᠷᠬᠡ ᠶᠠᠭᠤᠮ᠎ᠠ ᠪᠣᠯᠤᠨ᠎ᠠ᠃

《ᠬᠠᠭᠵᠠᠷᠬᠠᠢ ᠭᠤᠲᠤᠯ᠎ᠢ᠎ᠴᠢᠨᠢ ᠬᠡᠳᠦᠢᠨ ᠲᠣᠪᠬᠢᠭᠠᠳ ᠲᠠᠯᠪᠢᠭᠰᠠᠨ᠂ ᠠᠪᠠᠴᠢᠬᠤ᠎ᠪᠠᠷ ᠢᠷᠡᠬᠦ᠎ᠦᠭᠡᠢ᠎ᠨᠢ ᠶᠠᠭᠤ ᠪᠤᠢ? ᠪᠢ ᠴᠢᠮᠠᠢ ᠪᠡᠷᠬᠡ ᠬᠠᠷᠠᠯ᠎ᠠ ᠰᠢᠤ᠃ ᠶᠠᠭᠤ᠎ᠴᠤ ᠭᠠᠢᠭᠤᠢ᠂ ᠥᠨᠥ ᠬᠡᠳᠦᠨ ᠬᠣᠨᠢ᠎ᠪᠠᠨ᠎ᠯᠠ!》 ᠭᠡᠵᠦ ᠵᠠᠯᠠᠭᠤ ᠴᠢᠪᠠᠭᠠᠨᠴᠠ ᠪᠢᠲᠡᠭᠦᠦ ᠬᠠᠲᠠᠭᠤ ᠦᠭᠡ᠎ᠪᠡᠷ ᠬᠡᠯᠡᠭᠡᠢ ᠬᠣᠨᠢᠴᠢᠨ᠎ᠢ ᠪᠠᠶᠠᠷᠯᠠᠭᠤᠯᠵᠤ᠂ ᠥᠷᠦᠮ᠎ᠡ ᠬᠤᠷᠤᠳ᠎ᠢᠶᠠᠨ ᠠᠶᠠᠭ᠎ᠠ ᠳᠦᠭᠦᠷᠡᠩ ᠬᠥᠰᠭᠦᠯᠡᠵᠦ ᠥᠭᠭᠦᠭᠡᠳ᠂ ᠬᠠᠮᠠᠷ ᠯᠣᠳᠤᠨ᠎ᠳᠤ ᠬᠠᠷᠢᠨ ᠬᠣᠭᠤᠰᠤᠨ ᠴᠠᠢ᠎ᠪᠠᠷ ᠭᠡᠳᠡᠰᠦ᠎ᠶᠢ᠎ᠨᠢ ᠵᠠᠢᠯᠤᠭᠤᠯᠤᠭᠰᠠᠨ᠎ᠢ ᠶᠠᠭᠠᠬᠢᠨ᠎ᠠ᠃

ᠤᠷᠢᠳᠤ ᠵᠠᠭᠷᠠᠢᠮ᠎ᠠ᠎ᠶᠢᠨ ᠶᠠᠭᠠᠬᠢᠬᠤ᠎ᠨᠢ᠎ᠴᠤ ᠰᠠᠢᠬᠠᠨ ᠪᠠᠢᠭᠰᠠᠨ᠎ᠶᠤᠮ᠃ ᠣᠳᠣ ᠬᠠᠷᠢᠨ ᠢᠨᠢᠶᠡᠬᠦ᠎ᠨᠢ᠎ᠴᠦ ᠮᠠᠭᠤᠬᠠᠢ ᠪᠣᠯᠵᠠᠢ᠃ ᠬᠠᠮᠠᠷ ᠯᠣᠳᠤᠨ ᠬᠠᠮᠠᠷ᠎ᠢᠶᠠᠨ ᠴᠡᠨᠳᠡᠢᠯᠭᠡᠵᠦ᠂ ᠬᠠᠭᠠᠰ ᠠᠶᠠᠭ᠎ᠠ ᠴᠠᠢ᠎ᠶᠢ ᠲᠤᠯᠭ᠎ᠠ ᠤᠷᠤᠭᠤ ᠴᠠᠷᠳᠠᠭᠠᠳ᠂ ᠬᠠᠨᠴᠤᠢ ᠰᠠᠵᠢᠨ ᠭᠠᠷᠴᠤ ᠶᠠᠪᠤᠵᠠᠢ᠃ ᠲᠡᠭᠦᠨ᠎ᠡᠴᠡ ᠬᠣᠢᠰᠢ ᠵᠠᠯᠠᠭᠤ ᠴᠢᠪᠠᠭᠠᠨᠴᠠ᠎ᠶᠢ ᠬᠠᠶᠠᠨ᠎ᠳᠤᠨᠢ ᠬᠠᠶᠠᠵᠤ ᠣᠪᠤᠭᠠᠨ ᠠᠷᠤ᠎ᠶᠢ ᠬᠠᠪᠢᠳᠠᠭᠰᠠᠨ᠎ᠦᠭᠡᠢ ᠨᠠᠮᠤᠷ᠎ᠢ ᠠᠪᠴᠢᠷᠠᠪᠠ᠃

ᠯᠣᠳᠤᠨ᠎ᠳᠤ ᠯᠣᠳᠤᠨ᠎ᠤ ᠪᠣᠳᠤᠯ ᠪᠠᠢᠬᠤ᠎ᠳᠤ ᠴᠢᠪᠠᠭᠠᠨᠴᠠ᠎ᠳᠤ ᠪᠠᠰᠠ ᠴᠢᠪᠠᠭᠠᠨᠴᠠ᠎ᠶᠢᠨ ᠠᠭᠠᠰᠢ ᠪᠤᠢ᠃ ᠥᠪᠡᠷ᠎ᠦᠨ ᠮᠠᠭᠤ᠎ᠳᠠᠭᠠᠨ ᠨᠢᠭᠤᠷ᠎ᠢᠶᠠᠨ ᠪᠠᠷᠠᠴᠢᠬᠠᠭᠠᠳ ᠨᠠᠳᠠ᠎ᠲᠠᠢ ᠤᠴᠢᠷ᠎ᠦᠭᠡᠢ ᠥᠷᠢᠰᠦᠯᠳᠦᠬᠦ ᠶᠠᠭᠤ ᠪᠠᠢᠬᠤᠪ? ᠬᠦᠷᠦᠭᠡᠳ ᠢᠷᠡᠪᠡᠯ ᠪᠢ ᠴᠠᠰᠢ ᠭᠡᠬᠦ᠎ᠦᠭᠡᠢ᠂ ᠢᠷᠡᠬᠦ᠎ᠦᠭᠡᠢ ᠭᠡᠳ ᠪᠢ ᠯᠠᠪ ᠨᠠᠰᠢ ᠭᠡᠬᠦ᠎ᠦᠭᠡᠢ᠂ ᠴᠢᠮ᠎ᠠ᠎ᠲᠠᠢ ᠴᠢᠮ᠎ᠠ᠎ᠦᠭᠡᠢ᠂ ᠨᠠᠳᠠ ᠡᠮᠲᠡᠷᠡᠵᠦ ᠬᠣᠬᠢᠷᠠᠬᠤ ᠵᠦᠢᠯ ᠨᠢᠭᠡ᠎ᠴᠦ᠎ᠦᠭᠡᠢ! ᠭᠡᠵᠦ ᠵᠠᠭᠷᠠᠢᠮ᠎ᠠ᠎ᠴᠤ ᠦᠭᠡᠨ᠎ᠳᠡᠭᠡᠨ ᠰᠠᠭᠤᠵᠤ᠂ ᠡᠪᠦᠯ᠎ᠢ ᠥᠩᠭᠡᠷᠡᠭᠡᠵᠡᠢ᠃

ᠵᠠᠯᠠᠭᠤ ᠴᠢᠪᠠᠭᠠᠨᠴᠠ ᠬᠡᠯᠡᠭᠡᠢ ᠬᠣᠨᠢᠴᠢᠨ᠎ᠲᠠᠢ ᠲᠡᠭᠡᠵᠦ ᠰᠦᠷᠡᠬᠡᠢ ᠰᠠᠢᠮᠰᠤᠷᠠᠭᠰᠠᠨ᠎ᠨᠢ ᠵᠥᠪᠬᠡᠨ᠎ᠯᠡ ᠬᠤᠪᠢᠨ᠎ᠤ ᠬᠡᠳᠦᠨ ᠬᠣᠨᠢ᠎ᠪᠠᠨ ᠠᠯᠳᠠᠵᠤ ᠳᠤᠰᠤᠬᠤ᠎ᠠᠴᠠ ᠬᠢᠴᠢᠶᠡᠭᠰᠡᠨ᠎ᠶᠦᠮ ᠭᠡᠳᠡᠭ᠎ᠢ ᠬᠠᠮᠠᠷ ᠯᠣᠳᠤᠨ ᠬᠡᠵᠢᠶ᠎ᠡ ᠬᠣᠵᠢᠮ᠎ᠨᠢ ᠰᠤᠷᠠᠭᠯᠠᠵᠤ ᠮᠡᠳᠡᠭᠡᠳ᠂ ᠲᠠᠪᠲᠤᠷ᠎ᠦᠭᠡᠢ ᠠᠭᠠᠰᠢᠯᠠᠭᠰᠠᠨ᠎ᠳᠠᠭᠠᠨ ᠬᠡᠴᠡᠭᠦᠦ ᠭᠡᠮᠰᠢᠵᠡᠢ᠃ ᠬᠡᠳᠦᠨ ᠵᠢᠯ᠎ᠦᠨ ᠡᠮᠦᠨ᠎ᠡ ᠪᠣᠯᠤᠭᠰᠠᠨ ᠪᠣᠯ ᠪᠤᠷᠤᠭᠤ᠎ᠪᠠᠨ ᠬᠦᠯᠢᠶᠡᠭᠡᠳ ᠣᠴᠢᠬᠤ᠎ᠠᠴᠠ ᠪᠤᠴᠠᠬᠤ᠎ᠦᠭᠡᠢ ᠪᠠᠢᠭᠰᠠᠨ᠃ ᠭᠡᠲᠡᠯ᠎ᠡ ᠬᠢᠯᠠᠷ ᠳᠠᠮᠪᠢ᠎ᠳᠤ ᠪᠡᠶ᠎ᠡ᠎ᠪᠡᠨ ᠵᠢᠮᠡᠯᠡᠭᠡᠳ ᠬᠤᠯᠠᠭᠠᠢ ᠨᠡᠷ᠎ᠡ ᠵᠡᠭᠦᠬᠦ ᠪᠣᠯᠤᠭᠰᠠᠨ᠎ᠳᠠᠭᠠᠨ ᠵᠢᠷᠦᠬᠡᠨ᠎ᠳᠦᠨᠢ ᠰᠢᠷ᠎ᠠ ᠤᠰᠤ ᠴᠤᠭᠯᠠᠭᠠᠳ ᠬᠠᠰᠢᠯᠠ ᠣᠴᠢᠬᠤ᠎ᠦᠭᠡᠢ᠎ᠨᠢ ᠳᠡᠭᠡᠷ᠎ᠡ ᠭᠡᠵᠦ ᠪᠣᠳᠤᠭᠰᠠᠭᠠᠷ ᠵᠤᠨ᠎ᠢᠶᠠᠨ ᠪᠠᠷᠠᠯᠠᠪᠠ᠃

ᠮᠣᠷᠢᠨ ᠳᠡᠯ ᠳᠡᠭᠡᠭᠦᠷ ᠶᠠᠭᠠᠷᠠᠵᠤ ᠶᠠᠪᠤᠨ᠎ᠠ᠃ ᠣᠳᠣ᠎ᠴᠤ ᠨᠢᠭᠡ ᠶᠠᠩᠵᠤ ᠪᠣᠯᠬᠤ ᠭᠡᠵᠦ ᠪᠠᠢᠨ᠎ᠠ!

ᠨᠢᠭᠡᠳᠦᠯ ᠪᠠᠢᠭᠤᠯᠤᠭᠳᠠᠭᠠᠳ ᠬᠡᠳᠦᠨ ᠵᠢᠯ ᠪᠣᠯᠤᠯ᠎ᠠ᠃ ᠴᠢᠪᠠᠭᠠᠨᠴᠠ᠎ᠲᠠᠢ ᠬᠥᠨᠳᠡᠢᠷᠡᠭᠰᠡᠨ᠎ᠳᠡᠭᠡᠨ ᠬᠠᠮᠠᠷ ᠯᠣᠳᠤᠨ ᠪᠤᠳᠤᠭ᠎ᠨᠢ ᠬᠣᠪᠬᠤᠷᠠᠬᠠᠢ ᠠᠪᠳᠠᠷ᠎ᠠ᠎ᠪᠠᠨ ᠰᠢᠨᠡᠳᠭᠡᠵᠦ ᠵᠠᠰᠠᠬᠤ᠎ᠶᠢ ᠪᠣᠳᠤᠭᠰᠠᠨ᠎ᠦᠭᠡᠢ᠂ ᠥᠩᠭᠡ ᠭᠠᠷᠲᠠᠯ᠎ᠠ ᠵᠦᠯᠭᠦᠬᠦ᠎ᠪᠡᠨ᠎ᠴᠦ ᠪᠣᠯᠢᠪᠠ᠃

ᠲᠡᠭᠦᠨ᠎ᠦ ᠠᠮᠢᠳᠤᠷᠠᠯ᠎ᠤᠨ ᠡᠷᠢᠯ ᠬᠦᠰᠡᠯ᠎ᠨᠢ ᠠᠪᠳᠠᠷ᠎ᠠ᠎ᠶᠢᠨ ᠨᠢᠭᠤᠷ᠎ᠲᠠᠢ᠎ᠪᠠᠨ ᠠᠳᠠᠯᠢᠬᠠᠨ ᠬᠣᠪᠬᠤᠷᠠᠵᠤ ᠡᠮᠲᠡᠷᠡᠭᠰᠡᠨ ᠪᠣᠯᠤᠯᠲᠠᠢ᠃ ᠠᠢ ᠳ᠋ᠠ ! ᠴᠢᠪᠠᠭᠠᠨᠴᠠ ᠬᠥᠮᠦᠨ ᠬᠠᠨᠠᠰᠠ ᠨᠠᠳᠠ᠎ᠲᠠᠢ ᠨᠢᠭᠡ ᠰᠡᠳᠭᠢᠯ ᠪᠠᠢᠬᠤᠪ? ᠬᠠᠮᠠᠷ ᠯᠣᠳᠤᠨ ᠪᠢ ᠰᠣᠷᠲᠤᠭᠤ ᠯᠠᠷᠵᠢᠶ᠎ᠠ᠎ᠲᠠᠢ ᠶᠠᠪᠤᠵᠤ ᠴᠢᠪᠠᠭᠠᠨᠴᠠ᠎ᠶᠢᠨ ᠠᠲᠠᠭ᠎ᠠ᠎ᠶᠢ ᠪᠤᠴᠠᠯᠭᠠᠶ᠎ᠠ!

ᠲᠡᠭᠦᠨ᠎ᠡᠴᠡ ᠬᠣᠢᠰᠢ ᠬᠠᠮᠠᠷ ᠯᠣᠳᠤᠨ ᠨᠡᠢᠲᠡ᠎ᠶᠢᠨ᠎ᠴᠦ ᠪᠣᠯᠤᠭ ᠬᠤᠪᠢᠨ᠎ᠤ᠎ᠴᠤ ᠪᠣᠯᠤᠭ᠂ ᠬᠠᠮᠢᠭ᠎ᠠ ᠪᠣᠯ ᠲᠡᠨᠳᠡ ᠮᠣᠳᠤ᠎ᠲᠠᠢ ᠨᠣᠴᠤᠯᠳᠤᠭᠠᠳ ᠮᠠᠬᠠᠷᠠᠳᠠᠭ ᠪᠣᠯᠪᠠᠴᠤ ᠵᠠᠩ᠎ᠨᠢ ᠶᠠᠪᠤᠬᠤ ᠲᠤᠰᠤᠮ ᠰᠣᠨᠢᠨ ᠪᠣᠯᠵᠠᠢ᠃

ᠬᠠᠩᠰᠢ ᠥᠩᠭᠡᠷᠡᠵᠦ ᠮᠠᠯ ᠴᠠᠳᠤᠭᠠᠳ ᠪᠠᠢᠬᠤ᠎ᠳᠤ ᠪᠠᠷᠢᠭᠠᠳᠠ᠎ᠠᠴᠠ ᠬᠥᠮᠦᠨ ᠢᠷᠡᠭᠦᠯᠵᠦ᠂ 《ᠨᠢᠭᠡᠳᠦᠯ ᠳᠡᠭᠡᠷ᠎ᠡ ᠮᠣᠳᠤᠨ᠎ᠤ ᠠᠵᠢᠯ᠎ᠲᠠᠢ》 ᠭᠡᠰᠡᠨ ᠦᠭᠡ ᠥᠭᠴᠡᠢ᠃ ᠬᠠᠮᠠᠷ ᠯᠣᠳᠤᠨ᠎ᠤ ᠬᠠᠮᠠᠷ᠎ᠨᠢ ᠴᠡᠨᠳᠡᠢᠭᠰᠡᠨ᠎ᠦᠭᠡᠢ ᠮᠥᠷᠲᠡᠭᠡᠨ ᠮᠠᠭᠠᠰᠠᠢᠭᠠᠳ ᠢᠨᠢᠶᠡᠴᠢᠬᠡᠪᠡ᠃ ᠬᠠᠮᠠᠷ ᠯᠣᠳᠤᠨ ᠣᠳᠣ᠎ᠴᠤ ᠨᠢᠭᠡ ᠥᠪᠴᠢᠬᠦ ᠴᠠᠭ ᠪᠣᠯᠵᠠᠢ ᠳ᠋ᠠ ! ᠰᠤᠮᠤᠨ ᠳᠠᠷᠤᠭ᠎ᠠ ᠬᠦᠷᠲᠡᠯ᠎ᠡ ᠬᠠᠮᠠᠷ ᠨᠠᠮᠠᠢ ᠪᠡᠷᠬᠡ ᠲᠣᠭᠤᠭᠰᠠᠨ᠎ᠢ ᠦᠵᠡᠬᠦ᠎ᠦᠭᠡᠢ᠎ᠦᠦ? ᠡᠭᠦᠷ᠎ᠦᠨ ᠳᠠᠷᠤᠭ᠎ᠠ᠎ᠴᠤ ᠰᠠᠨᠳᠤᠷᠤᠭᠰᠠᠨ ᠲᠥᠯᠦᠪᠲᠡᠢ ᠯᠠᠪ ᠴᠢᠬᠤᠯᠠ ᠠᠵᠢᠯ᠎ᠲᠠᠢ ᠪᠠᠢᠬᠤ! ᠢᠷᠭᠡ᠎ᠶᠢᠨ ᠰᠢᠭᠦᠰᠦ ᠲᠠᠯᠪᠢᠳᠠᠭ ᠠᠮᠠ ᠰᠢᠷᠡᠭᠡ ᠬᠢᠯᠭᠡᠬᠦ ᠭᠡᠵᠦ ᠪᠠᠢᠬᠤ ᠪᠣᠯ᠎ᠤᠤ? ᠶᠠᠮᠤᠨ ᠣᠷᠳᠤᠨ᠎ᠤ ᠨᠣᠶᠠᠨ ᠨᠢᠷᠤᠭᠤ ᠠᠮᠠᠯᠠᠭᠤᠯᠬᠤ ᠭᠡᠵᠦ ᠪᠠᠢᠬᠤ ᠪᠣᠯ᠎ᠤᠤ ᠁ ᠭᠡᠵᠦ ᠪᠣᠳᠤᠮᠠᠭᠴᠠ ᠪᠡᠷᠬᠡ᠎ᠯᠡ ᠬᠥᠩᠭᠡᠨ ᠱᠥᠩᠭᠡᠨ ᠬᠥᠳᠡᠯᠦᠭᠡᠳ ᠥᠭᠴᠡᠢ᠃

ᠵᠠᠮ᠎ᠳᠠᠭᠠᠨ ᠲᠡᠷᠭᠡ ᠭᠡᠯᠢᠵᠦ ᠶᠠᠪᠤᠭ᠎ᠠ ᠲᠠᠨᠢᠬᠤ᠎ᠦᠭᠡᠢ ᠵᠢᠭᠠᠯ ᠬᠦᠦ᠎ᠲᠡᠢ ᠲᠠᠭᠠᠷᠠᠯᠳᠤᠵᠤ ᠪᠠᠭᠠᠵᠢ᠎ᠪᠠᠨ ᠭᠤᠶᠤᠵᠤ ᠲᠠᠯᠪᠢᠪᠠ᠃ ᠠᠷᠠᠯ᠎ᠤᠨ ᠱᠠᠷ᠎ᠤᠨ ᠭᠡᠯᠳᠦᠷᠢᠭᠡ᠎ᠶᠢ ᠳᠠᠭᠠᠵᠤ ᠪᠠᠢᠲᠠᠯ᠎ᠠ ᠨᠣᠭᠤᠭ᠎ᠠ ᠬᠥᠭᠡᠭᠡᠭᠰᠡᠨ ᠬᠣᠨᠢ᠎ᠪᠠᠨ ᠳᠠᠷᠤᠵᠤ ᠶᠠᠪᠤᠭ᠎ᠠ ᠬᠡᠯᠡᠭᠡᠢ ᠬᠣᠨᠢᠴᠢᠨ᠎ᠲᠠᠢ ᠬᠠᠯᠵᠠ ᠲᠠᠭᠠᠷᠠᠯᠳᠤᠪᠠ᠃ ᠬᠠᠮᠠᠷ ᠯᠣᠳᠤᠨ ᠰᠣᠴᠢᠭᠰᠠᠨ ᠬᠦᠴᠦᠨ᠎ᠳᠡᠭᠡᠨ ᠲᠡᠷᠭᠡ᠎ᠶᠢ ᠣᠩᠬᠤᠯᠢᠳᠠᠲᠠᠯ᠎ᠠ ᠦᠰᠦᠷᠴᠦ ᠭᠠᠷᠤᠭᠠᠳ ᠯᠠᠭ ᠬᠢᠲᠡᠯ᠎ᠡ ᠵᠠᠪᠢᠯᠠᠵᠠᠢ᠃

《ᠬᠠᠮᠠᠷ ᠠᠬ᠎ᠠ ᠬᠠᠮᠢᠭ᠎ᠠ ᠬᠦᠷᠦᠨ᠎ᠡ ᠪᠤᠢ?》

《ᠡᠨᠡ᠂ ᠡᠨᠡ ᠁ ᠪᠢ ᠁ ᠰᠤᠮᠤᠨ ᠳᠠᠷᠤᠭ᠎ᠠ ᠵᠠᠯᠠᠯᠭ᠎ᠠ ᠠᠢᠯᠠᠳᠤᠭᠰᠠᠨ ᠲᠤᠯᠠ ᠨᠠᠢᠷ᠎ᠲᠤ ᠣᠴᠢᠵᠤ ᠶᠠᠪᠤᠨ᠎ᠠ᠃ ᠥᠴᠦᠭᠡᠳᠦᠷ ᠡᠭᠦᠷ᠎ᠦᠨ ᠳᠠᠷᠤᠭ᠎ᠠ ᠨᠠᠮᠠᠢ ᠵᠠᠯᠠᠭᠠᠳ ᠥᠨᠥᠳᠦᠷ ᠰᠤᠮᠤᠨ ᠳᠠᠷᠤᠭ᠎ᠠ ᠪᠠᠰᠠ ᠬᠦᠦ᠎ᠪᠡᠷ᠎ᠢᠶᠡᠨ ᠲᠡᠷᠭᠡ ᠬᠥᠲᠦᠯᠦᠭᠦᠯᠦᠭᠡᠳ ᠢᠷᠡᠭᠦᠯᠴᠢᠬᠡᠵᠡᠢ᠃ ᠠᠢ᠂ ᠣᠴᠢᠶ᠎ᠠ ᠳ᠋ᠠ ᠣᠴᠢᠶ᠎ᠠ ᠁》

ᠬᠠᠮᠠᠷ ᠯᠣᠳᠤᠨ ᠢᠩᠭᠢᠵᠦ ᠣᠷᠤ᠎ᠦᠭᠡᠢ ᠭᠠᠵᠠᠷ ᠣᠪᠤᠭ᠎ᠠ ᠪᠣᠰᠭᠠᠭᠰᠠᠨ ᠪᠣᠯᠪᠠᠴᠤ ᠢᠴᠢᠵᠦ ᠵᠣᠪᠠᠭᠰᠠᠨ᠎ᠦᠭᠡᠢ ᠮᠥᠷᠲᠡᠭᠡᠨ ᠭᠡᠳᠡᠷᠭᠦ ᠪᠠᠶᠠᠷᠯᠠᠴᠢᠬᠠᠪᠠ᠃ ᠡᠨᠡ ᠦᠭᠡ᠎ᠶᠢ ᠬᠡᠯᠡᠭᠡᠢ ᠬᠣᠨᠢᠴᠢᠨ ᠴᠢᠪᠠᠭᠠᠨᠴᠠ᠎ᠶᠢᠨ ᠴᠢᠬᠢᠨ᠎ᠳᠦ ᠬᠦᠷᠭᠡᠬᠦ᠎ᠳᠦ ᠬᠦᠷᠪᠡᠯ ᠲᠡᠷᠡ ᠶᠠᠭᠠᠬᠢᠵᠤ ᠠᠲᠠᠭᠠᠷᠬᠠᠬᠤ ᠪᠣᠯ? ᠪᠠᠷᠤᠭ ᠬᠡᠷᠡᠮ ᠮᠥᠷᠭᠦᠭᠡᠳ ᠦᠬᠦᠬᠦ ᠪᠠᠢᠬᠤ ᠡ!

ᠨᠢᠭᠡᠳᠦᠯ ᠳᠡᠭᠡᠷ᠎ᠡ ᠬᠡᠳᠦ ᠬᠣᠨᠤᠬᠤ ᠵᠠᠭᠤᠷ᠎ᠠ᠂ ᠠᠯᠪᠠᠨ ᠭᠡᠷ᠎ᠲᠦ ᠶᠠᠷᠢᠯᠳᠤᠬᠤ ᠳᠠᠭᠤᠨ ᠭᠠᠷᠴᠤ᠎ᠯᠠ ᠪᠠᠢᠪᠠᠯ ᠬᠠᠮᠠᠷ ᠯᠣᠳᠤᠨ ᠭᠠᠷ᠎ᠲᠠᠬᠢ᠎ᠪᠠᠨ ᠬᠠᠶᠠᠭᠠᠳ ᠴᠣᠩᠬᠤᠨ ᠳᠣᠣᠷ᠎ᠠ᠎ᠨᠢ ᠣᠴᠢᠵᠤ ᠴᠢᠬᠢ ᠲᠠᠯᠪᠢᠵᠤ᠎ᠯᠠ ᠪᠠᠢᠯ᠎ᠠ᠃ ᠭᠡᠪᠡᠴᠦ ᠲᠡᠷᠡ ᠪᠣᠯᠭᠠᠨ᠎ᠤ ᠤᠬᠠᠭᠠᠨ᠎ᠢ᠎ᠨᠢ ᠶᠡᠷᠦ ᠣᠯᠬᠤ᠎ᠦᠭᠡᠢ᠂ ᠲᠣᠭᠲᠠᠭᠠᠵᠤ ᠠᠪᠬᠤ ᠣᠢ ᠲᠣᠢ ᠨᠡᠩ᠎ᠦᠭᠡᠢ᠃ ᠠᠷᠪᠠᠭᠠᠳ ᠬᠣᠨᠤᠭ᠎ᠲᠤ ᠵᠥᠪᠬᠡᠨ᠎ᠯᠡ: 《᠁ ᠮᠣᠷᠢᠨ ᠳᠡᠯ ᠳᠡᠭᠡᠭᠦᠷ ᠶᠠᠭᠠᠷᠠᠵᠤ ᠶᠠᠪᠤᠨ᠎ᠠ᠃ ᠣᠳᠣ᠎ᠴᠤ ᠨᠢᠭᠡ ᠶᠠᠩᠵᠤ ᠪᠣᠯᠬᠤ ᠭᠡᠵᠦ ᠪᠠᠢᠨ᠎ᠠ》

ᠭᠡᠰᠡᠨ ᠬᠠᠭᠠᠰ ᠳᠤᠲᠠᠭᠤ ᠦᠭᠡ᠎ᠶᠢ᠎ᠨᠢ᠎ᠯᠡ ᠣᠯᠵᠤ ᠴᠡᠭᠡᠵᠢᠯᠡᠭᠰᠡᠨ᠎ᠢ ᠶᠠᠭᠠᠮᠠᠢ᠃ ᠬᠠᠮᠠᠷ ᠯᠣᠳᠤᠨ ᠨᠢᠭᠡᠳᠦᠯ᠎ᠦᠨ ᠳᠠᠷᠤᠭ᠎ᠠ᠎ᠳᠤ ᠡᠷᠳᠡᠮ᠎ᠢᠶᠡᠨ ᠭᠠᠢᠬᠠᠭᠤᠯᠵᠤ ᠨᠢᠭᠤᠷ ᠣᠯᠬᠤ ᠰᠠᠨᠠᠭᠠᠲᠠᠢ᠃ 《 ᠬᠡᠷᠡᠭ᠎ᠦᠭᠡᠢ》 ᠭᠡᠵᠦ ᠪᠠᠢᠲᠠᠯ᠎ᠠ ᠮᠣᠳᠤᠨ ᠣᠷᠤ ᠬᠢᠬᠦ᠎ᠳᠡᠭᠡᠨ ᠳᠥᠷᠪᠡᠨ ᠲᠠᠯ᠎ᠠ᠎ᠳᠤᠨᠢ ᠢᠯᠡᠭᠦᠴᠡ ᠬᠠᠰᠢᠯᠭ᠎ᠠ ᠲᠠᠭᠠᠷᠠᠭᠤᠯᠵᠤ ᠥᠭᠴᠡᠢ᠃ ᠨᠢᠭᠡᠳᠦᠯ᠎ᠦᠨ ᠳᠠᠷᠤᠭ᠎ᠠ ᠬᠥᠮᠦᠰᠭᠡ᠎ᠪᠡᠨ ᠵᠠᠩᠭᠢᠳᠴᠤ ᠠᠪᠤᠭᠠᠳ ᠲᠡᠭᠦᠨ᠎ᠢ ᠭᠡᠷ᠎ᠲᠦᠨᠢ ᠪᠤᠴᠠᠭᠠᠭᠰᠠᠨ᠎ᠳᠤ᠂ ᠠᠶ᠎ᠠ! ᠬᠠᠮᠠᠷ ᠨᠠᠮᠠᠢ ᠥᠩᠭᠡᠷᠡᠦ ᠵᠦᠳᠡᠷᠡᠬᠦ᠎ᠡᠴᠡ ᠬᠢᠴᠢᠶᠡᠭᠡᠳ ᠪᠤᠰᠤᠳ᠎ᠠᠴᠠ ᠡᠮᠦᠨ᠎ᠡ ᠴᠢᠯᠦᠭᠡ ᠥᠭᠴᠢᠬᠡᠯ᠎ᠡ ᠰᠢᠦ ᠭᠡᠵᠦ ᠪᠠᠶᠠᠷᠯᠠᠭᠰᠠᠨ᠎ᠢ ᠶᠠᠭᠠᠬᠢᠨ᠎ᠠ᠃

ᠬᠡᠯᠡᠭᠡᠢ ᠬᠣᠨᠢᠴᠢᠨ ᠴᠢᠪᠠᠭᠠᠨᠴᠠ᠎ᠶᠢᠨ᠎ᠳᠤ ᠣᠴᠢᠭᠠᠳᠤᠢ᠎ᠶᠢ ᠰᠤᠷᠠᠭᠯᠠᠵᠤ ᠮᠡᠳᠡᠭᠡᠳ ᠬᠠᠮᠠᠷ ᠯᠣᠳᠤᠨ ᠰᠢᠷ᠎ᠠ ᠪᠦᠷᠦᠢ᠎ᠪᠡᠷ ᠬᠡᠯᠡᠭᠡᠢ ᠬᠣᠨᠢᠴᠢᠨ᠎ᠲᠠᠢ ᠠᠭᠤᠯᠵᠠᠬᠤ᠎ᠪᠠᠷ ᠬᠦᠷᠴᠡᠢ᠃ 《 ᠵᠠ᠂ ᠬᠠᠮᠠᠷ ᠠᠬ᠎ᠠ ᠬᠡᠳᠦᠨ ᠬᠣᠨᠤᠭ᠎ᠢᠶᠠᠷ ᠨᠢᠭᠡᠳᠦᠯ ᠳᠡᠭᠡᠷ᠎ᠡ ᠰᠠᠭᠤᠭᠠᠳ ᠨᠠᠢᠷ ᠥᠨᠳᠦᠷ ᠪᠣᠯᠤᠭᠰᠠᠨ ᠪᠢᠵᠡ?》

《ᠬᠡᠯᠡᠳᠡᠭ᠎ᠦᠦ ᠳ᠋ᠠ᠂ ᠡᠷᠢᠨ ᠡᠷᠢᠨ᠎ᠳᠦ ᠳᠤᠮᠳᠠ᠎ᠪᠠᠨ ᠭᠠᠯ᠎ᠲᠠᠢ᠂ ᠲᠣᠭᠤᠷᠢᠭᠠᠳ ᠱᠥᠯᠦ᠎ᠲᠡᠢ ᠬᠣᠭᠤᠯᠠ! ᠰᠤᠮᠤᠨ ᠳᠠᠷᠤᠭ᠎ᠠ᠂ ᠡᠭᠦᠷ᠎ᠦᠨ ᠳᠠᠷᠤᠭ᠎ᠠ ᠮᠠᠨ᠎ᠤ ᠭᠤᠷᠪᠠ ᠵᠥᠪᠳᠡᠯᠴᠡᠭᠡᠳ ᠁》

《ᠶᠠᠭᠤ ᠭᠡᠵᠦ ??》

《᠁ ᠮᠣᠷᠢᠨ ᠳᠡᠯ ᠳᠡᠭᠡᠭᠦᠷ ᠶᠠᠭᠠᠷᠠᠵᠤ ᠶᠠᠪᠤᠨ᠎ᠠ᠃ ᠣᠳᠣ᠎ᠴᠤ ᠨᠢᠭᠡ ᠶᠠᠩᠵᠤ ᠪᠣᠯᠬᠤ ᠭᠡᠵᠦ ᠪᠠᠢᠨ᠎ᠠ!》

《ᠶᠠᠮᠠᠷ ᠶᠠᠩᠵᠤ ᠪᠣᠯᠬᠤ ᠭᠡᠨ᠎ᠡ ᠪᠤᠢ?》

ᠴᠣᠬᠤᠮ ᠶᠠᠮᠠᠷ ᠶᠠᠩᠵᠤ ᠪᠣᠯᠬᠤ᠎ᠶᠢ ᠬᠠᠮᠠᠷ ᠯᠣᠳᠤᠨ ᠥᠪᠡᠷ᠎ᠢᠶᠡᠨ᠎ᠴᠦ ᠫᠠᠳ ᠲᠤᠯᠠ ᠬᠡᠯᠡᠭᠡᠢ᠎ᠡᠴᠡ ᠢᠯᠡᠭᠦᠦ ᠢᠯᠠᠭᠠᠢ ᠪᠣᠯᠵᠤ:

《ᠡᠨᠡ ᠁ ᠲᠡᠢᠮᠦ ᠶᠠᠩᠵᠤ ᠁ ᠮᠣᠷᠢᠨ ᠳᠡᠯ ᠳᠡᠭᠡᠭᠦᠷ ᠁ ᠶᠠᠭᠤ᠎ᠴᠤ ᠭᠡᠰᠡᠨ ᠴᠢᠪᠠᠭᠠᠨᠴᠠ᠂ ᠬᠡᠯᠡᠭᠡᠢ ᠤᠯᠤᠰ᠎ᠤᠳ᠎ᠲᠤ᠎ᠯᠠ ᠬᠡᠴᠡᠭᠦᠦ ᠭᠡᠨ᠎ᠡ ᠳ᠋ᠠ !》 ᠭᠡᠵᠦ ᠲᠠᠪᠠ᠎ᠪᠠᠷ᠎ᠢᠶᠠᠨ ᠠᠢᠯᠠᠳᠤᠭᠠᠳ᠂ ᠰᠡᠩᠳᠡ ᠮᠡᠩᠳᠡ ᠵᠢᠯᠢᠢᠵᠦ ᠣᠷᠬᠢᠵᠠᠢ᠃

ᠡᠨᠡ᠎ᠨᠢ ᠨᠡᠭᠡᠷᠡᠨ ᠲᠤᠰᠠ ᠭᠠᠷᠴᠤ ᠬᠡᠯᠡᠭᠡᠢ ᠬᠣᠨᠢᠴᠢᠨ᠎ᠢ ᠲᠡᠷᠡ ᠮᠥᠷ᠎ᠲᠦᠨᠢ ᠠᠪᠤᠭᠠᠳ ᠠᠷᠤ ᠥᠭᠡᠳᠡ ᠭᠦᠶᠦᠯᠭᠡᠵᠦ ᠴᠢᠳᠠᠵᠠᠢ᠃ ᠤᠤᠬᠠᠢ ᠮᠥᠨ ᠪᠣᠯᠵᠤ ᠪᠠᠢᠨ᠎ᠠ! ᠮᠠᠭᠤ ᠴᠢᠪᠠᠭᠠᠨᠴᠠ ᠰᠦᠨᠡᠰᠦ᠎ᠪᠡᠨ ᠵᠠᠢᠯᠠᠲᠠᠯ᠎ᠠ ᠠᠶᠤᠵᠤ ᠪᠠᠢᠨ᠎ᠠ ᠳ᠋ᠠ᠂ ᠠᠶᠠᠭᠦᠢᠳᠡᠪᠡᠯ 《ᠢᠯᠠᠢ ᠶᠠᠭᠠᠬᠢᠳᠠᠭ ᠪᠢᠯᠡ? ᠠᠷᠭ᠎ᠠ ᠪᠠᠢᠨ᠎ᠠ᠎ᠤᠤ? ᠬᠠᠮᠠᠷ᠎ᠮᠢᠨᠢ ᠡ!》 ᠭᠡᠳ ᠠᠪᠤᠷᠠᠯ ᠭᠤᠶᠤᠬᠤ᠎ᠪᠠᠷ ᠢᠷᠡᠵᠦ ᠮᠡᠳᠡᠨ᠎ᠡ ᠰᠢᠦ!

ᠬᠠᠮᠠᠷ ᠯᠣᠳᠤᠨ ᠭᠠᠷᠤᠨ ᠣᠷᠤᠨ ᠠᠪᠤᠷᠠᠯ ᠭᠤᠶᠤᠬᠤ ᠬᠥᠮᠦᠨ᠎ᠢᠶᠡᠨ ᠬᠠᠷᠠᠭᠰᠠᠭᠠᠷ ᠪᠣᠯᠪᠠᠴᠤ ᠴᠢᠪᠠᠭᠠᠨᠴᠠ᠎ᠶᠢᠨ ᠪᠠᠷ᠎ᠠ ᠠᠯᠠᠭ᠎ᠠ᠎ᠶᠢ ᠶᠠᠭᠠᠬᠢᠨ᠎ᠠ᠃ ᠨᠣᠬᠠᠢ ᠳᠣᠯᠢᠶᠠ! ᠮᠥᠨ᠎ᠴᠦ ᠰᠠᠭᠤᠷᠢ᠎ᠲᠠᠢ ᠡᠮ᠎ᠡ ᠪᠠᠢᠨ᠎ᠠ ᠳ᠋ᠠ ! ᠭᠡᠵᠦ ᠬᠠᠮᠠᠷ ᠯᠣᠳᠤᠨ ᠤᠯᠠᠮ ᠠᠲᠠᠭᠠᠷᠬᠠᠵᠠᠢ᠃

ᠡᠳᠡ᠎ᠴᠢᠨᠢ ᠶᠠᠭᠠᠬᠢᠨ᠎ᠠ ᠭᠡᠪᠡᠯ ᠲᠡᠭᠡᠵᠦ᠂ ᠲᠡᠭᠷᠢ᠎ᠳᠦ

ᠭᠠᠷᠬᠤ᠎ᠠᠴᠠ ᠪᠤᠴᠠᠳᠠᠭ᠎ᠦᠭᠡᠢ ᠤᠯᠤᠰ ᠳ᠋ᠠ !

ᠵᠤᠨ᠎ᠤ ᠰᠡᠭᠦᠯᠴᠢ ᠨᠠᠮᠤᠷ᠎ᠤᠨ ᠡᠬᠢᠨ᠎ᠳᠦ ᠨᠢᠭᠡ ᠡᠳᠦᠷ ᠪᠢᠴᠢᠬᠠᠨ ᠵᠠᠩᠵᠤᠨ᠎ᠨᠠᠷ᠎ᠢ ᠲᠡᠭᠡᠭᠡᠭᠰᠡᠨ ᠨᠣᠭᠤᠭᠠᠨ ᠮᠠᠰᠢᠨ ᠵᠢᠭᠠᠬᠠᠨ ᠰᠦᠮ᠎ᠡ᠎ᠳᠦ ᠬᠤᠪᠢᠰᠭᠠᠯ ᠬᠢᠬᠦ᠎ᠪᠡᠷ ᠢᠷᠡᠭᠰᠡᠨ ᠣᠨᠴᠠ ᠰᠣᠨᠢᠨ ᠴᠢᠮᠡᠭᠡ ᠳᠤᠭᠤᠯᠳᠠᠪᠠ᠃

ᠤᠷᠢᠳᠤ ᠬᠠᠮᠠᠷ ᠯᠣᠳᠤᠨ ᠬᠠᠭᠠᠰ ᠰᠥᠨᠢ᠎ᠶᠢᠨ ᠨᠣᠢᠷ᠎ᠢᠶᠠᠨ ᠪᠦᠷᠢᠯᠭᠡᠵᠦ ᠪᠠᠢᠭᠠᠳ ᠬᠤᠭᠤᠷᠴᠢ᠎ᠶᠢᠨ ᠠᠮᠠ᠎ᠪᠠᠷ 《ᠵᠠᠩᠵᠤᠨ ᠮᠣᠷᠳᠠᠭᠤᠯᠵᠤ》 ᠪᠠᠢᠭᠰᠠᠨ ᠪᠢᠯᠡ᠃ 《ᠭᠡᠷᠡᠯ ᠲᠤᠰᠤᠭᠰᠠᠨ ᠭᠡᠭᠡᠨ ᠮᠠᠩᠨᠠᠢ᠂ ᠬᠡᠪᠲᠡᠭᠡ ᠪᠠᠷᠰ᠎ᠤᠨ ᠬᠠᠷ᠎ᠠ ᠬᠥᠮᠦᠰᠭᠡ᠂ ᠨᠠᠮᠤᠷ᠎ᠤᠨ ᠤᠰᠤᠨ ᠮᠣᠢᠯ ᠨᠢᠳᠦ᠂ ᠨᠠᠴᠢᠨ ᠱᠣᠩᠬᠤᠷ᠎ᠤᠨ ᠰᠣᠢᠷ ᠰᠣᠷᠮᠤᠤᠰᠤ》᠂ 《ᠮᠢᠨᠳᠠᠰᠤᠨ ᠬᠤᠶᠠᠭ᠂ ᠮᠥᠩᠭᠦᠨ ᠳᠤᠭᠤᠯᠠᠭ᠎ᠠ᠂ ᠰᠤᠪᠤᠳ᠎ᠤᠨ ᠬᠤᠶᠠᠭ》 ᠁ ᠣᠳᠣ᠎ᠶᠢᠨ ᠵᠠᠩᠵᠤᠨ ᠮᠥᠨ᠎ᠯᠡ ᠡᠢᠮᠦ ᠪᠠᠢᠭ᠎ᠠ ᠳ᠋ᠠ᠂ ᠶᠠᠳᠠᠬᠤ᠎ᠳᠤ 《ᠥᠷᠭᠡᠨ ᠴᠢᠬᠢ ᠮᠥᠷᠦ᠎ᠪᠡᠨ ᠳᠡᠷᠡᠯᠡᠵᠦ᠂ ᠥᠨᠳᠦᠷ ᠮᠥᠴᠢ ᠡᠪᠦᠳᠦᠭ᠎ᠡᠴᠡ ᠢᠯᠡᠭᠦᠳᠡᠭᠰᠡᠨ》 ᠵᠠᠭᠠᠨ ᠵᠠᠭᠠᠨ᠎ᠢᠶᠠᠷ ᠪᠡᠶ᠎ᠡ᠎ᠲᠡᠢ᠎ᠯᠡ ᠪᠠᠢᠬᠤ ᠶᠣᠰᠤᠲᠠᠢ! ᠁ 《ᠬᠦᠨᠳᠦ ᠲᠡᠮᠦᠷ ᠳᠠᠮ ᠢᠯᠳᠦ᠎ᠶᠢ ᠬᠦᠳᠡᠷ ᠭᠠᠷ᠎ᠲᠠᠭᠠᠨ ᠪᠠᠷᠢᠭᠠᠳ᠂ ᠬᠦᠯᠦᠭ᠎ᠦᠨ ᠵᠦᠭ᠎ᠲᠡᠭᠡᠨ ᠬᠦᠷᠴᠦ ᠬᠥᠮᠦᠯᠳᠦᠷᠭᠡ ᠵᠢᠯᠤᠭᠤ ᠰᠤᠭᠰᠤᠷᠤᠭᠠᠳ》 ᠁ 《ᠲᠡᠮᠦᠷ ᠵᠤᠤᠵᠠᠢ ᠶᠠᠩᠭᠢᠨᠠᠭᠤᠯᠵᠤ᠂ ᠳᠥᠷᠦᠭᠡᠨ ᠳᠡᠭᠡᠷ᠎ᠡ᠎ᠪᠡᠨ ᠳᠠᠪ ᠬᠢᠵᠦ》 ᠁ ᠣᠳᠣ᠎ᠶᠢᠨ ᠵᠠᠩᠵᠤᠨ ᠲᠡᠮᠦᠷ ᠢᠯᠳᠦ᠎ᠦᠭᠡᠢ᠎ᠴᠦ ᠭᠠᠩ ᠫᠤᠤ᠎ᠲᠠᠢ ᠪᠠᠢᠯᠭᠦᠢ᠂ ᠮᠠᠰᠢᠨ ᠳᠡᠭᠡᠷ᠎ᠡ᠎ᠪᠡᠨ ᠳᠠᠪ ᠬᠢᠵᠦ ᠮᠥᠨ᠎ᠴᠦ ᠵᠢᠪᠬᠤᠭ᠎ᠠ᠎ᠲᠠᠢ ᠪᠠᠢᠯᠭᠦᠢ! ᠪᠠᠰᠠ ᠴᠢᠩᠭᠢᠭᠡᠳ ᠪᠢᠴᠢᠬᠠᠨ ᠭᠡᠨ᠎ᠡ ᠰᠢᠦ᠂ ᠪᠣᠭᠳᠠ ᠴᠢᠩᠭᠢᠰ ᠳᠣᠯᠤᠭᠠᠨ ᠨᠠᠰᠤᠲᠠᠢ ᠳᠠᠢᠨ᠎ᠳᠤ ᠮᠣᠷᠳᠠᠵᠤ᠂ ᠭᠤᠨᠠᠭᠠᠨ ᠤᠯᠠᠭᠠᠨ ᠪᠠᠭᠠᠲᠤᠷ ᠮᠠᠩᠭᠤᠰ᠎ᠢ ᠳᠠᠷᠤᠬᠤ᠎ᠳᠤ ᠭᠤᠷᠪᠠᠬᠠᠨ ᠨᠠᠰᠤᠲᠠᠢ ᠪᠠᠢᠭᠰᠠᠨ ᠳ᠋ᠠᠭ᠂ ᠵᠠᠩᠵᠤᠨ᠎ᠢ ᠪᠢᠴᠢᠬᠠᠨ ᠭᠡᠵᠦ ᠪᠤᠤ᠎ᠯᠠ ᠬᠢᠷᠢᠴᠢᠯᠡᠶ᠎ᠡ᠂ ᠨᠡᠩ᠎ᠴᠦ ᠨᠣᠭᠤᠭᠠᠨ ᠮᠠᠰᠢᠨ᠎ᠲᠠᠢ ᠵᠠᠩᠵᠤᠨ᠎ᠢ! ᠁

ᠬᠠᠮᠠᠷ ᠯᠣᠳᠤᠨ ᠪᠣᠳᠤᠬᠤ ᠲᠤᠰᠤᠮ᠂ ᠵᠠᠪ᠎ᠢ ᠠᠯᠳᠠᠵᠤ ᠪᠣᠯᠬᠤ᠎ᠦᠭᠡᠢ ᠭᠡᠵᠦ ᠪᠡᠶ᠎ᠡ᠎ᠪᠡᠨ ᠡᠷᠴᠢᠯᠡᠨ᠎ᠡ᠃ ᠣᠳᠣ ᠨᠢᠳᠦ᠎ᠪᠡᠨ ᠨᠡᠭᠡᠭᠡᠬᠦ᠎ᠦᠭᠡᠢ ᠬᠡᠵᠢᠶ᠎ᠡ ᠨᠢᠳᠦ᠎ᠪᠡᠨ ᠨᠡᠭᠡᠭᠡᠬᠦ ᠪᠤᠢ? ᠬᠠᠮᠠᠷ ᠯᠣᠳᠤᠨ ᠭᠠᠷ᠎ᠲᠠᠬᠢ ᠠᠵᠤ᠎ᠪᠠᠨ ᠬᠠᠶᠠᠭᠠᠳ ᠬᠠᠮᠤᠭ ᠲᠡᠩᠬᠡᠭᠡ᠎ᠪᠡᠷ᠎ᠢᠶᠡᠨ ᠵᠢᠭᠠᠬᠠᠨ ᠰᠦᠮ᠎ᠡ ᠥᠭᠡᠳᠡ ᠭᠦᠶᠦᠬᠦ᠎ᠳᠡᠭᠡᠨ ᠲᠡᠷᠯᠢᠭ᠎ᠢᠶᠡᠨ᠎ᠴᠦ ᠡᠮᠦᠰᠬᠦ᠎ᠪᠡᠨ ᠮᠠᠷᠲᠠᠴᠢᠬᠠᠵᠠᠢ᠃

ᠯᠣᠳᠤᠨ ᠵᠢᠭᠠᠬᠠᠨ ᠰᠦᠮ᠎ᠡ᠎ᠳᠦ ᠣᠢᠷᠠᠳᠲᠠᠯ᠎ᠠ ᠭᠠᠨᠵᠢᠷ᠎ᠠ᠎ᠶᠢᠨ ᠣᠷᠤᠨ᠎ᠳᠤ ᠬᠠᠳᠭᠤᠭᠳᠠᠭᠰᠠᠨ ᠰᠢᠷ᠎ᠠ ᠦᠰᠦᠭ᠎ᠲᠡᠢ ᠤᠯᠠᠭᠠᠨ ᠳᠤᠭ ᠲᠡᠭᠦᠨ᠎ᠢ ᠤᠷᠢᠶᠠᠯᠠᠨ ᠳᠠᠯᠠᠯᠤᠭᠰᠠᠨ᠎ᠳᠤ ᠬᠠᠷ᠎ᠠ ᠬᠤᠷᠳᠤ᠎ᠪᠠᠷ ᠫᠤᠤᠵᠢᠩ᠎ᠰᠢᠭ᠋ ᠲᠠᠯᠪᠢᠭᠤᠨ ᠬᠦᠷᠪᠡ᠃ ᠲᠣᠭᠤᠰᠤ ᠲᠣᠷᠲᠤᠭ᠂ ᠤᠲᠤᠭ᠎ᠠ ᠮᠠᠨᠠᠨ ᠰᠦᠮ᠎ᠡ᠎ᠶᠢᠨ ᠬᠦᠷᠢᠶ᠎ᠡ᠎ᠶᠢ ᠵᠠᠯᠭᠢᠵᠤ᠂ ᠲᠤᠩ ᠣᠯᠠᠨ ᠬᠥᠮᠦᠨ ᠴᠤᠭᠯᠠᠭᠰᠠᠨ ᠲᠤᠯᠠ ᠯᠣᠳᠤᠨ ᠥᠯᠮᠡᠢ ᠳᠡᠭᠡᠷ᠎ᠡ᠎ᠪᠡᠨ ᠶᠠᠭᠠᠬᠢᠵᠤ ᠥᠨᠳᠡᠯᠵᠡᠭᠰᠡᠨ᠎ᠴᠦ ᠳᠣᠲᠤᠷ᠎ᠠ᠎ᠨᠢ ᠶᠠᠭᠤ ᠪᠣᠯᠵᠤ ᠪᠠᠢᠭ᠎ᠠ᠎ᠶᠢ ᠣᠯᠵᠤ ᠦᠵᠡᠭᠰᠡᠨ᠎ᠦᠭᠡᠢ᠃ ᠮᠠᠨᠴᠤᠷᠭᠠᠨ ᠬᠠᠮᠠᠷ᠎ᠨᠢ ᠴᠡᠨᠳᠡᠢᠵᠦ ᠠᠪᠤᠭᠠᠳ᠂ ᠬᠥᠮᠦᠬᠡᠢ ᠵᠠᠭᠤᠮᠠᠭᠴᠠ ᠬᠠᠷ᠎ᠠ ᠴᠢᠳᠠᠯ᠎ᠢᠶᠠᠷ᠎ᠢᠶᠠᠨ ᠣᠯᠠᠨ᠎ᠢ ᠬᠠᠪᠢᠷᠭᠠᠯᠠᠨ ᠱᠤᠩᠭᠤᠯᠠᠭᠰᠠᠭᠠᠷ ᠳᠥᠩᠭᠡᠵᠢ ᠳᠣᠲᠤᠭᠰᠢᠯᠠᠯ᠎ᠠ᠃

ᠮᠥᠷᠦ᠎ᠪᠡᠨ ᠴᠠᠪᠴᠢᠭᠤᠯᠵᠤ᠂ ᠲᠣᠯᠤᠭᠠᠢ᠎ᠨᠢ ᠰᠠᠯᠤᠭᠰᠠᠨ ᠮᠠᠬᠠᠷᠠᠨᠽᠠ ᠬᠠᠭᠠᠷᠬᠠᠢ ᠬᠡᠩᠭᠡᠷᠭᠡ ᠳᠡᠷᠡᠯᠡᠵᠦ ᠤᠨᠠᠭᠠᠳ᠂ ᠱᠠᠭᠢᠮᠤᠨᠢ᠎ᠶᠢᠨ ᠭᠡᠭᠡᠨ ᠳᠦᠷᠢ ᠳᠤᠭᠠᠩ᠎ᠤᠨ ᠰᠠᠷᠠᠪᠴᠢᠨ᠎ᠠᠴᠠ ᠪᠣᠭᠤᠮᠢᠯᠠᠭᠳᠠᠵᠠᠢ᠃ ᠰᠠᠮᠪᠠᠷ᠎ᠠ ᠰᠠᠮᠪᠠᠷ᠎ᠠ ᠰᠤᠳᠤᠷ ᠨᠣᠮ ᠰᠦᠮ᠎ᠡ᠎ᠶᠢᠨ ᠬᠦᠷᠢᠶᠡᠨ᠎ᠳᠦ ᠭᠠᠯ ᠠᠪᠤᠯᠴᠠᠭᠠᠳ᠂ ᠬᠦᠵᠢ᠎ᠶᠢᠨ ᠦᠨᠦᠷ᠎ᠲᠡᠢ ᠬᠥᠬᠡ ᠤᠲᠤᠭ᠎ᠠ ᠣᠭᠲᠠᠷᠭᠤᠢ᠎ᠳᠤ ᠪᠤᠷᠭᠢᠯᠤᠨ᠎ᠠ᠃ ᠰᠤᠳᠤᠷ ᠨᠣᠮ ᠳᠡᠭᠡᠷ᠎ᠡ ᠪᠤᠤ᠎ᠯᠠ ᠭᠢᠰᠭᠢᠵᠦ ᠬᠢᠯᠢᠨᠴᠡ ᠨᠢᠭᠦᠯ ᠦᠢᠯᠡᠳᠦᠶ᠎ᠡ ᠭᠡᠵᠦ ᠣᠯᠠᠨ᠎ᠤ ᠳᠤᠮᠳᠠᠭᠤᠷ ᠰᠢᠬᠠᠯᠴᠠᠬᠤ᠎ᠳᠠᠭᠠᠨ ᠬᠠᠮᠠᠷ ᠯᠣᠳᠤᠨ ᠪᠠᠢᠨ ᠪᠠᠢᠨ ᠬᠥᠯ ᠳᠣᠣᠷᠠᠬᠢ᠎ᠪᠠᠨ ᠠᠵᠢᠭᠯᠠᠨ᠎ᠠ᠃

ᠥᠪᠴᠢ ᠪᠡᠶ᠎ᠡ ᠴᠤᠯᠤ ᠨᠣᠭᠤᠭᠠᠨ ᠬᠤᠪᠴᠠᠰᠤ᠎ᠲᠠᠢ᠂ ᠪᠣᠭᠲᠤᠰᠤᠨ᠎ᠳᠠᠭᠠᠨ ᠤᠯᠠᠭᠠᠨ 《ᠳᠤᠭ》 ᠵᠡᠭᠦᠭᠰᠡᠨ ᠨᠠᠮᠬᠠᠨ ᠪᠡᠶ᠎ᠡ᠎ᠲᠡᠢ ᠬᠠᠷ᠎ᠠ ᠬᠦᠦ ᠰᠦᠮ᠎ᠡ᠎ᠶᠢᠨ ᠶᠡᠨᠳᠡᠷ ᠳᠡᠭᠡᠷ᠎ᠡ ᠨᠠᠮᠪᠠ᠎ᠲᠠᠢ ᠢᠯᠡᠷᠡᠭᠡᠳ᠂ ᠬᠠᠨᠴᠤᠢ᠎ᠪᠠᠨ ᠲᠣᠬᠤᠢ᠎ᠳᠠᠭᠠᠨ ᠲᠤᠯᠲᠠᠯ᠎ᠠ ᠰᠢᠭᠤᠭᠠᠳ ᠨᠢᠳᠤᠷᠭ᠎ᠠ᠎ᠪᠠᠨ ᠬᠤᠷᠤᠢᠯᠠᠨ ᠨᠢᠭᠡ ᠶᠠᠭᠤᠮ᠎ᠠ ᠬᠠᠰᠭᠢᠴᠢᠵᠤ ᠭᠠᠷᠤᠨ᠎ᠠ᠃ ᠣᠯᠠᠨ ᠬᠥᠮᠦᠨ ᠫᠠᠷᠭᠢᠯᠳᠤᠨ᠂ ᠪᠠᠯᠪᠠᠴᠢᠵᠤ ᠬᠡᠮᠬᠡᠯᠬᠦ ᠳᠠᠭᠤᠨ ᠦᠷᠭᠦᠯᠵᠢᠯᠡᠭᠰᠡᠨ ᠲᠤᠯᠠ ᠶᠠᠮᠠᠷ ᠨᠣᠮ ᠲᠠᠯᠪᠢᠵᠤ ᠪᠠᠢᠭ᠎ᠠ᠎ᠶᠢ ᠬᠠᠮᠠᠷ ᠯᠣᠳᠤᠨ ᠴᠢᠬᠢ ᠪᠠᠢᠭᠠᠳ ᠣᠯᠵᠤ ᠰᠣᠨᠤᠰᠬᠤ᠎ᠦᠭᠡᠢ᠎ᠨᠢ ᠬᠠᠢᠷᠠᠯᠠᠯ᠎ᠲᠠᠢ᠂ ᠭᠠᠷᠴᠠᠭ᠎ᠠ᠎ᠦᠭᠡᠢ ᠪᠢᠴᠢᠬᠠᠨ ᠵᠠᠩᠵᠤᠨ! ᠤᠷᠲᠤ ᠰᠣᠷᠮᠤᠤᠰᠤ᠎ᠲᠠᠢ ᠬᠠᠷ᠎ᠠ ᠨᠢᠳᠦ᠂ ᠳᠡᠪᠢᠭᠦᠷ ᠭᠡᠮᠡᠷ ᠳᠡᠯᠳᠡᠩ ᠴᠢᠬᠢ᠎ᠪᠡᠷ᠎ᠨᠢ ᠬᠠᠮᠠᠷ ᠯᠣᠳᠤᠨ ᠢᠩᠭᠢᠵᠦ ᠲᠠᠨᠢᠪᠠ᠃ ᠰᠢᠨ᠎ᠡ ᠴᠠᠭ᠎ᠤᠨ ᠵᠠᠩᠵᠤᠨ ᠭᠡᠵᠦ ᠮᠥᠨ᠎ᠴᠦ ᠬᠡᠴᠡᠭᠦᠦ᠂ ᠭᠠᠯᠪᠠ᠎ᠶᠢ ᠡᠵᠡᠯᠡᠭᠰᠡᠨ ᠱᠠᠭᠢᠮᠤᠨᠢ᠎ᠲᠠᠢ᠎ᠴᠤ ᠬᠠᠯᠳᠠᠭᠠᠳ ᠪᠠᠢᠳᠠᠭ᠎ᠨᠢ ᠯᠠᠪ᠎ᠯᠠ ᠬᠤᠷᠮᠤᠰᠲᠠ᠎ᠠᠴᠠ ᠪᠠᠭᠤᠵᠤ ᠢᠷᠡᠭᠰᠡᠨ᠎ᠶᠦᠮ ᠪᠠᠢᠯᠭᠦᠢ᠃ ᠪᠣᠭᠲᠤᠰᠤᠨ᠎ᠳᠠᠭᠠᠨ ᠵᠡᠭᠦᠭᠰᠡᠨ ᠤᠯᠠᠭᠠᠨ ᠲᠤᠭ᠎ᠨᠢ ᠯᠠᠪ ᠨᠣᠮ᠎ᠤᠨ ᠦᠰᠦᠭ᠎ᠲᠡᠢ ᠠᠮᠢᠨ ᠰᠠᠬᠢᠶ᠎ᠠ ᠪᠠᠢᠭ᠎ᠠ ᠳ᠋ᠠ᠃ ᠭᠡᠷᠡᠯ ᠣᠢᠭᠰᠠᠨ ᠲᠣᠯᠢ᠎ᠲᠠᠢ ᠰᠢᠯ᠎ᠢᠶᠡᠷ ᠬᠡᠪᠲᠡᠭᠡ ᠪᠠᠷᠰ᠎ᠤᠨ ᠬᠥᠮᠦᠰᠭᠡ᠎ᠪᠡᠨ ᠳᠠᠷᠤᠵᠤ ᠡᠩᠭᠡᠷ ᠳᠡᠭᠡᠷ᠎ᠡ᠎ᠨᠢ ᠳᠤᠯᠠᠯᠵᠠᠵᠤ ᠬᠠᠷᠠᠭᠳᠠᠬᠤ᠎ᠨᠢ ᠭᠤᠤ᠎ᠳᠤ ᠰᠠᠭᠤᠯᠭᠠᠭᠰᠠᠨ ᠪᠤᠷᠬᠠᠨ᠎ᠴᠤ ᠪᠣᠯᠪᠠ᠎ᠤᠤ? ᠁ ᠬᠠᠮᠠᠷ ᠯᠣᠳᠤᠨ ᠡᠷᠬᠡ᠎ᠦᠭᠡᠢ ᠠᠢᠳᠠᠰ ᠬᠦᠷᠦᠭᠡᠳ ᠳᠤᠲᠠᠭᠠᠬᠤ᠎ᠶᠢ ᠪᠣᠳᠤᠭᠰᠠᠨ ᠪᠣᠯᠪᠠᠴᠤ ᠬᠠᠮᠠᠷ ᠪᠢ ᠱᠠᠭᠢᠮᠤᠨᠢ᠎ᠶᠢᠨ ᠬᠦᠦ ᠪᠢᠰᠢ᠂ ᠶᠠᠳᠠᠬᠤ᠎ᠳᠤ ᠬᠣᠯᠠ᠎ᠶᠢᠨ ᠰᠠᠳᠤᠨ᠎ᠨᠢ᠎ᠴᠤ ᠪᠢᠰᠢ ᠲᠤᠯᠠ ᠭᠠᠢᠭᠤᠢ ᠪᠢᠵᠡ ᠡ! ᠭᠡᠵᠦ ᠪᠣᠳᠤᠪᠠ᠃

ᠭᠡᠨᠡᠳᠲᠡ ᠪᠢᠴᠢᠬᠠᠨ ᠵᠠᠩᠵᠤᠨ ᠤᠯᠠᠭᠠᠨ ᠳᠡᠪᠲᠡᠷ᠎ᠢᠶᠡᠨ ᠳᠡᠭᠡᠷ᠎ᠡ ᠬᠤᠷᠤᠢᠯᠳᠤᠭᠤᠯᠤᠨ:

《ᠴᠢᠳᠭᠦᠷ ᠱᠣᠯᠤᠮ᠎ᠢ ᠴᠢᠷᠴᠦ ᠭᠠᠷᠭᠠᠶ᠎ᠠ! ᠴᠣᠬᠢᠵᠤ ᠤᠨᠠᠭᠠᠶ᠎ᠠ! ᠱᠦᠭᠦᠷᠳᠡᠨ ᠠᠷᠢᠯᠭᠠᠶ᠎ᠠ!》 ᠭᠡᠵᠦ ᠨᠢᠭᠡᠨ ᠵᠡᠷᠭᠡ ᠬᠠᠰᠭᠢᠷᠤᠭᠰᠠᠨ᠎ᠳᠤ ᠣᠯᠠᠨ ᠳᠠᠭᠠᠯᠴᠠᠨ ᠣᠷᠢᠯᠠᠨ᠎ᠠ᠃ ᠴᠢᠬᠢ ᠳᠦᠯᠡᠢᠷᠡᠮ᠎ᠡ ᠬᠠᠰᠭᠢᠷᠤᠯᠳᠤᠭᠠᠨ ᠳᠤᠮᠳᠠ ᠰᠦᠮ᠎ᠡ᠎ᠶᠢᠨ ᠯᠠᠮᠠ᠎ᠨᠠᠷ᠎ᠢ ᠶᠡᠨᠳᠡᠷ ᠳᠡᠭᠡᠷ᠎ᠡ ᠭᠠᠷᠭᠠᠨ ᠵᠡᠷᠭᠡᠴᠡᠭᠦᠯᠦᠨ ᠲᠣᠩᠭᠤᠢᠯᠭᠠᠪᠠ᠃ ᠴᠠᠭᠠᠨ ᠴᠠᠭᠠᠰᠤᠨ ᠭᠣᠮᠰᠢᠶ᠎ᠠ ᠲᠣᠯᠤᠭᠠᠢ ᠳᠡᠭᠡᠷ᠎ᠡ᠎ᠪᠡᠨ ᠰᠤᠪᠤᠷᠭᠠᠯᠠᠭᠰᠠᠨ᠎ᠨᠢ ᠵᠢᠭᠠᠬᠠᠨ ᠰᠦᠮ᠎ᠡ᠎ᠶᠢᠨ ᠭᠡᠭᠡᠨ ᠪᠠᠢᠨ᠎ᠠ᠃ ᠨᠣᠮ᠎ᠤᠨ ᠰᠠᠮᠪᠠᠷ᠎ᠠ ᠬᠦᠵᠦᠭᠦᠦ᠎ᠡᠴᠡ᠎ᠪᠡᠨ ᠳᠡᠭᠦᠵᠢᠯᠡᠭᠰᠡᠨ᠎ᠨᠢ ᠳ᠋ᠠ ᠯᠠᠮᠠ ᠰᠢᠪ ᠳ᠋ᠠ᠃ ᠲᠡᠭᠦᠨ᠎ᠡᠴᠡ ᠳᠠᠷᠠᠭᠠᠬᠢ᠎ᠨᠢ ᠴᠠᠮ᠎ᠤᠨ ᠬᠣᠬᠢᠮᠠᠢ ᠪᠠᠭ᠎ᠤᠳ ᠵᠡᠭᠦᠭᠰᠡᠨ ᠲᠤᠯᠠ ᠬᠠᠮᠠᠷ ᠯᠣᠳᠤᠨ ᠬᠡᠨ ᠬᠡᠨ᠎ᠢ᠎ᠨᠢ ᠡᠰᠡ ᠲᠠᠨᠢᠪᠠ᠃

ᠣᠯᠠᠨ ᠴᠢᠳᠭᠦᠷ᠎ᠦᠨ ᠳᠤᠮᠳᠠ ᠵᠠᠯᠠᠭᠤ ᠴᠢᠪᠠᠭᠠᠨᠴᠠ ᠲᠣᠩᠭᠤᠢᠵᠤ ᠪᠠᠢᠭ᠎ᠠ᠎ᠨᠢ ᠭᠡᠨᠡᠳᠲᠡ ᠦᠵᠡᠭᠳᠡᠪᠡ᠃ ᠬᠥᠭᠡᠷᠦᠬᠦᠢ ᠵᠠᠭᠷᠠᠢᠮ᠎ᠠ᠎ᠨᠢ ᠬᠦᠵᠦᠭᠦᠨ᠎ᠡᠴᠡ᠎ᠪᠡᠨ ᠬᠢᠩᠭᠠᠷ᠎ᠠ ᠳᠢᠩᠭᠠᠷ ᠬᠣᠩᠬᠤ ᠳᠠᠮᠠᠷᠤ ᠳᠡᠭᠦᠵᠢᠯᠡᠭᠡᠳ ᠳᠠᠭᠵᠢᠨ ᠴᠡᠴᠡᠷᠡᠵᠦ ᠪᠠᠢᠬᠤ᠎ᠨᠢ ᠪᠡᠷᠬᠡ᠃ ᠬᠠᠮᠠᠷ ᠯᠣᠳᠤᠨ᠎ᠤ ᠮᠠᠨᠴᠤᠷᠭᠠᠨ ᠬᠠᠮᠠᠷ᠎ᠨᠢ ᠪᠤᠷᠭᠢᠷᠠᠵᠤ ᠡᠬᠢᠯᠡᠭᠰᠡᠨ᠎ᠢᠶᠡᠨ ᠳᠣᠣᠷᠠᠬᠠᠨ᠎ᠢᠶᠠᠨ ᠴᠡᠨᠳᠡᠢᠴᠢᠬᠡᠪᠡ᠃ ᠪᠣᠯᠵᠠᠢ᠂ ᠶᠠᠭᠤᠨ᠎ᠤ ᠰᠠᠢᠨ᠎ᠶᠤᠮ! ᠴᠢᠮ᠎ᠠ᠎ᠳᠤ ᠪᠠᠰᠠ ᠡᠢᠮᠦ ᠴᠠᠭ ᠪᠠᠢᠳᠠᠭ᠎ᠶᠤᠮ᠎ᠤᠤ? ᠬᠠᠮᠠᠷ ᠯᠣᠳᠤᠨ᠎ᠤ᠎ᠯᠠ ᠮᠠᠭᠤ᠎ᠶᠢ ᠦᠵᠡᠨ᠎ᠡ᠎ᠦᠦ ᠴᠢ! ᠮᠠᠷᠭᠠᠰᠢ᠎ᠠᠴᠠ ᠪᠢ ᠪᠠᠰᠠ ᠴᠢᠮᠠᠢ 《ᠰᠢᠷᠢᠨ ᠨᠢᠭᠤᠷ᠎ᠢᠶᠠᠷ ᠮᠢᠨᠦ ᠬᠠᠲᠠᠪᠴᠢ᠎ᠶᠢ ᠠᠯᠬᠤᠪᠠ᠎ᠤᠤ? ᠰᠢᠭᠢᠷ᠎ᠡ᠎ᠪᠡᠨ ᠲᠠᠲᠠᠭᠰᠠᠨ᠎ᠴᠢᠨᠢ ᠳᠡᠭᠡᠷ᠎ᠡ᠎ᠦᠭᠡᠢ᠎ᠦᠦ?》 ᠭᠡᠵᠦ ᠬᠠᠷᠢᠶᠠᠨ᠎ᠠ ᠳ᠋ᠠ ! ᠵᠠᠭᠷᠠᠢᠮ᠎ᠠ᠎ᠳᠤ ᠲᠠᠯ᠎ᠠ ᠲᠤᠯᠠ ᠮᠠᠨᠲᠠᠤ ᠶᠠᠳᠠᠪᠠᠯ ᠲᠠᠬᠢᠯ᠎ᠤᠨ ᠪᠠᠯᠢᠩ᠎ᠴᠤ ᠶᠠᠭᠠᠬᠢᠬᠤᠪ ᠬᠣᠶᠠᠷ᠎ᠢ ᠠᠳᠭᠤᠭᠤᠯᠤᠭᠠᠳ ᠭᠤᠷᠪᠠᠯᠵᠢᠨ ᠴᠠᠭᠠᠨ ᠳᠤᠭ ᠵᠠᠭᠠᠮᠠᠨ᠎ᠳᠤᠨᠢ ᠬᠠᠪᠴᠢᠭᠤᠯᠤᠭᠰᠠᠨ ᠪᠣᠯ ᠡ! ᠭᠡᠵᠦ ᠬᠠᠮᠠᠷ ᠯᠣᠳᠤᠨ ᠪᠡᠷᠬᠡ ᠲᠠᠪᠠᠯᠠᠨ᠎ᠠ᠃

ᠪᠢᠴᠢᠬᠠᠨ ᠵᠠᠩᠵᠤᠨ ᠭᠡᠭᠡᠨ ᠯᠠᠮᠠᠬᠠᠢ᠎ᠶᠢ ᠬᠦᠵᠦᠭᠦᠦ᠎ᠶᠢ᠎ᠨᠢ ᠰᠤᠨᠲᠠᠯ᠎ᠠ ᠳᠠᠷᠤᠵᠤ ᠶᠠᠪᠤᠨ᠎ᠠ᠃ ᠡᠳᠡ᠎ᠴᠢᠨᠢ ᠶᠠᠭᠠᠬᠢᠨ᠎ᠠ ᠭᠡᠪᠡᠯ ᠲᠡᠭᠡᠵᠦ᠂ ᠲᠡᠭᠷᠢ᠎ᠳᠦ ᠭᠠᠷᠬᠤ᠎ᠠᠴᠠ᠎ᠴᠤ ᠪᠤᠴᠠᠳᠠᠭ᠎ᠦᠭᠡᠢ ᠤᠯᠤᠰ ᠳ᠋ᠠ ᠁ ᠡᠳᠡ ᠴᠣᠬᠤᠮ ᠶᠠᠭᠠᠬᠢᠵᠤ᠎ᠴᠤ ᠱᠦᠭᠦᠷᠳᠡᠳᠡᠭ᠎ᠰᠡᠨ ᠪᠣᠯ? ᠪᠠᠷᠤᠭ᠎ᠤᠨ ᠱᠦᠭᠦᠷ ᠡᠳᠡᠨ᠎ᠢ ᠬᠥᠳᠡᠯᠭᠡᠵᠦ ᠴᠢᠳᠠᠬᠤ᠎ᠦᠭᠡᠢ ᠳ᠋ᠠ᠂ ᠨᠡᠩ᠎ᠴᠦ ᠶᠣᠯᠬᠤᠭᠤᠷ ᠭᠡᠳᠡᠰᠦ᠎ᠲᠡᠢ ᠭᠡᠭᠡᠨ᠂ ᠪᠥᠬᠡᠴᠢᠨ ᠶᠠᠪᠤᠭᠰᠠᠨ ᠳ᠋ᠠ ᠯᠠᠮᠠ᠎ᠶᠢ! ᠴᠣᠬᠤᠮ ᠭᠠᠷ ᠫᠤᠤ᠎ᠪᠠᠷ ᠫᠤᠤᠳᠠᠵᠤ ᠤᠨᠠᠭᠠᠳᠠᠭ ᠪᠣᠯ᠎ᠤᠤ! ᠬᠠᠷᠢᠨ ᠰᠦᠮ᠎ᠡ᠎ᠶᠢᠨ ᠠᠷᠢᠭᠤᠨ ᠶᠡᠨᠳᠡᠷ ᠳᠡᠭᠡᠷ᠎ᠡ᠂ ᠱᠠᠭᠢᠮᠤᠨᠢ᠎ᠶᠢᠨ ᠭᠡᠭᠡᠨ ᠨᠢᠳᠦᠨ ᠳᠣᠣᠷ᠎ᠠ᠂ ᠪᠤᠤ᠎ᠯᠠ ᠴᠢᠰᠤ ᠨᠥᠵᠢ᠎ᠶᠢ᠎ᠨᠢ ᠪᠢᠯᠳᠠ ᠳ᠋ᠠ ! ᠨᠢᠭᠦᠯ ᠬᠤᠷᠢᠶᠠᠵᠤ ᠦᠢᠯᠡ᠎ᠶᠢᠨ ᠦᠷ᠎ᠡ᠎ᠪᠡᠨ ᠲᠠᠷᠢᠬᠤ᠎ᠦᠭᠡᠢ᠎ᠶᠢᠨ ᠲᠥᠯᠦᠭᠡ ᠵᠠᠯᠠᠭᠤ ᠴᠢᠪᠠᠭᠠᠨᠴᠠ᠎ᠶᠢ ᠴᠣᠬᠢᠨ ᠤᠨᠠᠭᠠᠬᠤ ᠦᠶᠡᠰ ᠨᠢᠳᠦ᠎ᠪᠡᠨ ᠠᠨᠢᠵᠤ ᠨᠠᠮᠠᠨᠴᠢᠯᠠᠶ᠎ᠠ ᠭᠡᠵᠦ ᠲᠡᠷᠡ ᠪᠣᠳᠤᠪᠠ!

ᠥᠨᠥ ᠨᠠᠮᠬᠠᠨ ᠪᠢᠴᠢᠬᠠᠨ ᠵᠠᠩᠵᠤᠨ᠂ ᠥᠨᠳᠦᠷ ᠲᠠᠷᠭᠤᠨ ᠭᠡᠭᠡᠨ᠎ᠦ ᠥᠭᠡᠳᠡ ᠴᠣᠷᠤᠢᠨ᠂ ᠰᠢᠷ᠎ᠠ ᠣᠷᠬᠢᠮᠵᠢ᠎ᠶᠢ᠎ᠨᠢ ᠬᠠᠤ ᠲᠠᠲᠠᠭᠠᠳ 《ᠴᠢᠳᠭᠦᠷ᠎ᠦᠨ ᠠᠷᠠᠰᠤ!》 ᠭᠡᠵᠦ ᠠᠮᠠᠨ᠎ᠳᠠᠭᠠᠨ ᠵᠦᠬᠡᠭᠰᠡᠭᠡᠷ ᠳᠦᠷᠡᠯᠵᠡᠬᠦ ᠭᠠᠯ᠎ᠳᠤ ᠰᠢᠳᠡᠵᠦ ᠣᠷᠤᠭᠤᠯᠪᠠ᠃ ᠬᠦᠷᠡᠩ᠂ ᠰᠢᠷ᠎ᠠ ᠥᠩᠭᠡ᠎ᠨᠢ ᠴᠢᠳᠭᠦᠷ᠎ᠦᠨ ᠢᠪᠡᠭᠡᠯᠲᠦ ᠥᠩᠭᠡ᠎ᠶᠦᠮ ᠪᠠᠢᠨ᠎ᠠ ᠰᠢᠤ ᠭᠡᠵᠦ ᠪᠣᠳᠤᠭᠰᠠᠭᠠᠷ᠂ ᠬᠠᠮᠠᠷ ᠯᠣᠳᠤᠨ ᠳ᠋ᠠ ᠯᠠᠮᠠ᠎ᠶᠢᠨ ᠢᠴᠢᠭᠦᠷᠢ ᠭᠤᠲᠤᠮᠰᠢᠭ᠎ᠢ ᠱᠣᠬᠤᠭᠤᠷᠠᠬᠤ᠎ᠪᠠᠷ ᠤᠷᠤᠭᠰᠢ ᠨᠥᠷᠢᠲᠡᠯ᠎ᠡ᠂ ᠬᠥᠯ᠎ᠳᠦᠨᠢ ᠨᠢᠭᠡ ᠬᠠᠪ ᠬᠠᠲᠠᠭᠤ ᠶᠠᠭᠤᠮ᠎ᠠ ᠲᠣᠷᠪᠠ᠃ ᠨᠢᠳᠦ ᠬᠠᠷᠠᠪᠠᠯ ᠯᠤᠤ᠎ᠶᠢᠨ ᠬᠡ᠎ᠲᠡᠢ ᠮᠥᠩᠭᠦᠨ ᠴᠥᠭᠦᠴᠡ ᠠᠵᠢ᠃ ᠬᠠᠮᠠᠷ ᠯᠣᠳᠤᠨ ᠥᠪᠡᠷ᠎ᠦᠨ ᠡᠷᠬᠡ᠎ᠦᠭᠡᠢ ᠥᠯᠮᠡᠢ᠎ᠪᠡᠷ᠎ᠢᠶᠡᠨ ᠬᠠᠮᠤᠵᠤ ᠣᠢᠷᠠᠲᠤᠭᠤᠯᠤᠭᠠᠳ᠂ ᠰᠡᠮᠬᠡᠨ ᠰᠢᠭᠦᠷᠡᠵᠦ ᠡᠪᠦᠷᠯᠡᠬᠦ ᠰᠠᠨᠠᠭ᠎ᠠ᠎ᠲᠠᠢ ᠪᠥᠬᠦᠢᠭᠰᠡᠨ᠎ᠢᠶᠡᠨ ᠬᠥᠯᠦᠰᠦ ᠭᠬᠢᠷ ᠪᠣᠯᠤᠭᠰᠠᠨ ᠰᠡᠮᠡᠷᠬᠡᠢ ᠬᠠᠨᠲᠠᠭᠠᠵᠠ᠎ᠶᠢᠨ᠎ᠢᠶᠠᠨ ᠳᠡᠭᠡᠭᠦᠷ ᠰᠢᠷ᠎ᠠ ᠬᠣᠷᠭᠤᠢ ᠡᠯᠢᠭᠡᠪᠴᠢ ᠳᠠᠪᠬᠤᠷᠯᠠᠵᠤ ᠡᠮᠦᠰᠴᠦ ᠶᠠᠪᠤᠭ᠎ᠠ᠎ᠪᠠᠨ ᠭᠡᠨᠡᠳᠲᠡ ᠣᠯᠵᠤ ᠦᠵᠡᠪᠡ᠃ ᠠᠢ ᠪᠠᠯᠠᠷᠠ! ᠵᠠᠭᠷᠠᠢᠮ᠎ᠠ᠎ᠶᠢᠨ ᠣᠶᠤᠵᠤ ᠳᠤᠷᠠᠰᠭᠠᠭᠰᠠᠨ ᠡᠨᠡ ᠡᠯᠢᠭᠡᠪᠴᠢ᠎ᠶᠢ ᠲᠡᠷᠡ ᠶᠡᠷᠦ᠎ᠡᠴᠡ ᠢᠯᠡ ᠪᠤᠯᠲᠠᠢᠯᠭᠠᠭᠰᠠᠨ᠎ᠦᠭᠡᠢ᠎ᠰᠠᠨ᠃ ᠥᠨᠥᠳᠦᠷ ᠵᠠᠩᠵᠤᠨ ᠦᠵᠡᠬᠦ ᠭᠡᠵᠦ ᠬᠡᠢᠷᠬᠡᠵᠦ ᠪᠠᠢᠭᠰᠠᠭᠠᠷ ᠲᠡᠷᠯᠢᠭ᠎ᠢᠶᠡᠨ ᠡᠮᠦᠰᠴᠦ ᠢᠷᠡᠬᠦ᠎ᠪᠡᠨ ᠲᠠᠭ ᠮᠠᠷᠲᠠᠵᠠᠢ᠃ ᠬᠠᠮᠠᠷ ᠯᠣᠳᠤᠨ᠎ᠤ ᠳᠣᠲᠤᠷ᠎ᠠ ᠫᠠᠯ ᠬᠢᠵᠦ ᠡᠳᠡ᠎ᠴᠢᠨᠢ ᠭᠡᠭᠡᠨ᠎ᠢ ᠬᠦᠷᠲᠡᠯ᠎ᠡ ᠨᠣᠭᠤᠭᠠᠨ᠎ᠤ ᠪᠢᠷᠠᠭᠤ᠎ᠶᠢᠨ ᠪᠡᠨ᠎ᠡ᠎ᠲᠡᠢ ᠦᠵᠡᠬᠦ᠎ᠦᠭᠡᠢ᠂ ᠬᠠᠮᠢᠭᠠᠰᠢ᠎ᠨᠢ ᠵᠠᠯᠠᠨ᠎ᠠ ᠭᠡᠪᠡᠯ ᠲᠡᠰᠢ᠎ᠨᠢ ᠭᠤᠶᠠᠳᠠᠵᠤ ᠪᠠᠢᠬᠤ᠎ᠶᠤᠮ᠎ᠴᠢᠨᠢ᠂ ᠬᠠᠮᠠᠷ ᠯᠣᠳᠤᠨ᠎ᠢ ᠶᠠᠭᠤ ᠪᠠᠢᠬᠤᠪ᠂ ᠰᠢᠷ᠎ᠠ ᠡᠯᠢᠭᠡᠪᠴᠢ᠎ᠲᠡᠢ᠎ᠨᠢ ᠭᠠᠯ᠎ᠳᠤ ᠰᠢᠳᠡᠭᠰᠡᠨ᠎ᠴᠦ ᠪᠦᠷ ᠴᠢᠳᠠᠬᠤ ᠭᠠᠷ᠎ᠤᠳ ᠡ!᠎ᠦᠭᠡᠢ᠂ ᠶᠡᠷᠦ᠎ᠨᠢ ᠪᠢᠴᠢᠬᠠᠨ ᠵᠠᠩᠵᠤᠨ᠎ᠤ ᠨᠢᠳᠦᠨ᠎ᠳᠦ ᠥᠷᠲᠦᠭᠡ᠎ᠦᠭᠡᠢ ᠵᠠᠪ᠎ᠲᠤ! ᠭᠡᠳ ᠲᠡᠷᠡ ᠠᠷᠤ᠎ᠳᠠᠬᠢ ᠬᠥᠮᠦᠰ᠎ᠢᠶᠡᠨ ᠪᠥᠭᠰᠡ᠎ᠪᠡᠷ᠎ᠢᠶᠡᠨ ᠨᠦᠳᠦᠴᠢᠨ ᠪᠠᠢᠵᠤ᠂ ᠣᠯᠠᠨ᠎ᠤ ᠬᠦᠷᠢᠶᠡᠨ᠎ᠡᠴᠡ ᠴᠣ᠋ ᠴᠢᠮᠠᠢ ᠰᠢᠪᠲᠤᠯᠵᠤ ᠭᠠᠷᠤᠭᠠᠳ ᠭᠣᠳ ᠵᠢᠭᠤᠳᠠᠪᠠ᠃

ᠬᠡᠳᠦᠨ ᠳᠣᠪᠤ᠎ᠶᠢ ᠮᠡᠳᠡᠭᠡ᠎ᠲᠡᠢ ᠮᠡᠳᠡᠭᠡ᠎ᠦᠭᠡᠢ ᠳᠠᠪᠠᠵᠤ᠂ ᠨᠠᠭᠤᠷ᠎ᠤᠨ ᠤᠰᠤ᠎ᠶᠢ ᠭᠤᠲᠤᠯ᠎ᠲᠠᠢ᠎ᠪᠠᠨ ᠳᠣᠭᠤᠴᠠᠵᠤ ᠭᠦᠶᠦᠭᠰᠡᠭᠡᠷ ᠬᠣᠲᠠ᠎ᠪᠠᠨ ᠣᠢᠷᠠᠲᠤᠭᠰᠠᠨ᠎ᠢᠶᠠᠨ ᠮᠡᠳᠡᠪᠡ᠃ ᠭᠡᠷ ᠤᠷᠤᠭᠤ᠎ᠪᠠᠨ ᠰᠠᠷᠠᠪᠴᠢᠯᠠᠭᠰᠠᠨ᠎ᠢᠶᠠᠨ ᠵᠣᠭ ᠲᠣᠰᠴᠤ ᠮᠡᠯᠡᠷᠡᠴᠢᠬᠡᠪᠡ᠃ ᠮᠠᠢᠵᠢᠭᠢ ᠪᠣᠷᠤ ᠭᠡᠷ᠎ᠦᠨ ᠬᠢᠨᠢ ᠡᠭᠦᠳᠡᠨ᠎ᠳᠦ ᠬᠥᠮᠦᠨ ᠠᠮᠢᠲᠠᠨ ᠣᠪᠤᠭᠠᠷᠠᠯᠳᠤᠨ ᠬᠥᠯ ᠪᠣᠯᠵᠤ ᠪᠠᠢᠨ᠎ᠠ᠃ ᠪᠣᠳᠤᠪᠠᠯ ᠬᠤᠪᠢᠰᠭᠠᠯ ᠬᠢᠵᠦ ᠪᠠᠢᠭ᠎ᠠ ᠪᠣᠯᠤᠯᠲᠠᠢ᠃ ᠬᠠᠮᠠᠷ ᠯᠣᠳᠤᠨ᠎ᠤ ᠲᠣᠯᠤᠭᠠᠢ᠎ᠶᠢᠨ ᠦᠰᠦ᠎ᠨᠢ ᠨᠢᠭᠡ ᠨᠢᠭᠡ᠎ᠪᠡᠷ ᠪᠣᠰᠤᠭᠠᠳ᠂ ᠰᠢᠷ᠎ᠠ ᠡᠯᠢᠭᠡᠪᠴᠢ᠎ᠪᠡᠨ ᠲᠠᠢᠯᠵᠤ ᠬᠤᠮᠢᠵᠤ ᠬᠤᠮᠢᠭᠠᠳ᠂ ᠳᠡᠷᠡᠰᠦᠨ᠎ᠦ ᠰᠤᠯᠢ ᠳᠣᠭᠤᠤᠷ ᠡᠪᠲᠡᠢᠬᠡᠨ ᠰᠢᠷᠭᠤᠭᠤᠯᠵᠤ ᠲᠠᠯᠪᠢᠪᠠ᠃ ᠤᠷᠤᠭᠰᠢ ᠬᠣᠶᠠᠷ ᠠᠯᠬᠤᠭᠰᠠᠨ᠎ᠢᠶᠠᠨ ᠶᠡᠷᠦ ᠵᠢᠭᠠᠬᠠᠨ ᠬᠠᠨᠤᠮᠵᠢ᠎ᠦᠭᠡᠢ ᠰᠠᠨᠠᠭᠳᠠᠭᠠᠳ ᠪᠠᠢᠬᠤᠯᠠᠷ᠂ ᠬᠠᠷ᠎ᠠ ᠲᠣᠷᠭᠠᠨ ᠲᠣᠭᠤᠷᠴᠤᠭ᠎ᠠᠴᠠ᠎ᠪᠠᠨ ᠬᠠᠭᠵᠠᠷᠬᠠᠢ ᠮᠠᠢᠵᠢᠭᠢ ᠭᠤᠲᠤᠯ᠎ᠳᠠᠭᠠᠨ ᠣᠷᠤᠲᠠᠯ᠎ᠠ ᠳᠠᠬᠢᠵᠤ ᠨᠢᠭᠡ ᠤᠳᠠᠭ᠎ᠠ ᠨᠡᠩᠵᠢᠯᠲᠡ ᠬᠢᠪᠡ᠃ ᠴᠢᠩᠭᠢᠭᠡᠳ ᠬᠦᠷᠡᠩ ᠳᠠᠯᠢᠩᠪᠤᠤ ᠲᠡᠯᠡᠢ᠎ᠪᠡᠨ ᠲᠦᠭᠳᠡᠷᠡᠯ᠎ᠦᠭᠡᠢ ᠲᠠᠢᠯᠵᠤ ᠠᠪᠤᠭᠠᠳ᠂ ᠡᠪᠡᠰᠦᠨ᠎ᠦ ᠥᠳᠭᠡᠨ᠎ᠳᠦ ᠭᠤᠯᠳᠤᠢᠲᠠᠯ᠎ᠠ ᠰᠢᠳᠡᠵᠡᠢ᠃ ᠣᠳᠣ ᠶᠠᠭᠤ᠎ᠴᠤ ᠭᠡᠰᠡᠨ ᠭᠠᠢᠭᠤᠢ ᠪᠠᠢᠬᠤ ᠭᠡᠵᠦ ᠬᠠᠮᠠᠷ ᠯᠣᠳᠤᠨ ᠤᠷᠲᠤᠬᠠᠨ ᠠᠮᠢᠰᠭᠤᠵᠤ ᠠᠪᠤᠭᠠᠳ᠂ ᠠᠭᠤᠵᠢᠮ ᠵᠠᠬ᠎ᠠ᠎ᠲᠠᠢ ᠳᠠᠪᠬᠤᠷ ᠥᠮᠦᠳᠦ᠎ᠪᠡᠨ ᠲᠠᠲᠠᠭᠰᠠᠭᠠᠷ ᠭᠡᠷ ᠵᠦᠭ᠎ᠢᠶᠡᠨ ᠬᠡᠬᠦᠯᠵᠡᠨ ᠠᠯᠬᠤᠪᠠ᠃

ᠬᠠᠮᠠᠷᠲᠤ ᠪᠢ ᠠᠮᠪᠠᠨ ᠰᠠᠭᠤᠭᠰᠠᠨ ᠪᠠᠢᠬᠤ᠎ᠳᠤ ᠮᠡᠩᠭᠡᠲᠦ᠎ᠶᠢᠨ ᠬᠦᠦ ᠳᠥᠩᠭᠡᠵᠢ ᠵᠠᠩᠭᠢ᠎ᠯᠠ ᠪᠢᠵᠡ!

ᠵᠦᠢᠷᠡᠢ ᠠᠪᠳᠠᠷ᠎ᠠ᠎ᠨᠢ ᠡᠭᠦᠳᠡᠨ ᠭᠠᠳᠠᠨ᠎ᠠ ᠬᠠᠶᠠᠭᠳᠠᠵᠤ᠂ ᠴᠤᠯᠤ ᠨᠣᠭᠤᠭᠠᠨ ᠬᠤᠪᠴᠠᠰᠤᠯᠠᠭᠰᠠᠨ ᠮᠡᠩᠭᠡᠲᠦ᠎ᠶᠢᠨ ᠬᠦᠦ ᠵᠢᠵᠢᠭ ᠤᠯᠠᠭᠠᠨ ᠳᠡᠪᠲᠡᠷ ᠳᠡᠯᠭᠡᠭᠡᠳ: 《ᠬᠠᠮᠤᠭ᠎ᠤᠨ ᠳᠡᠭᠡᠳᠦ ᠵᠢᠭᠠᠪᠤᠷᠢ: ᠁ ᠴᠣᠬᠢᠬᠤ᠎ᠦᠭᠡᠢ ᠪᠣᠯ ᠤᠨᠠᠬᠤ᠎ᠦᠭᠡᠢ ᠁》 ᠭᠡᠵᠦ ᠣᠯᠠᠨ᠎ᠳᠤ ᠤᠬᠠᠭᠤᠯᠭ᠎ᠠ ᠲᠠᠯᠪᠢᠨ᠎ᠠ᠃ ᠵᠡᠭᠦᠨ ᠠᠢᠯ᠎ᠤᠨ ᠲᠠᠷᠬᠠᠨ᠎ᠤ ᠲᠣᠮᠤ ᠠᠯᠤᠬ᠎ᠠ᠎ᠶᠢ ᠠᠯᠢ ᠵᠠᠪ᠎ᠲᠤᠨᠢ ᠠᠪᠴᠢᠷᠠᠭᠰᠠᠨ᠎ᠢ ᠪᠤᠤ ᠮᠡᠳᠡ᠂ ᠨᠢᠭᠡᠨ ᠮᠠᠷᠢᠶ᠎ᠠ ᠮᠢᠬ᠎ᠠ᠎ᠲᠠᠢ ᠪᠢᠴᠢᠬᠠᠨ ᠵᠠᠩᠵᠤᠨ ᠳᠡᠭᠡᠷ᠎ᠡ ᠭᠡᠭᠴᠢ ᠳᠠᠯᠠᠢᠵᠤ ᠵᠣᠭᠰᠤᠭᠠᠳ᠂ ᠬᠠᠵᠠᠭᠤ᠎ᠳᠠᠬᠢ᠎ᠪᠠᠨ ᠶᠠᠷᠢᠶ᠎ᠠ ᠲᠡᠭᠦᠰᠦᠮᠡᠭᠴᠡ᠂ ᠠᠪᠳᠠᠷ᠎ᠠ ᠳᠡᠭᠡᠷ᠎ᠡ ᠨᠢᠴᠠ ᠪᠠᠭᠤᠯᠭᠠᠬᠤ᠎ᠳᠤ ᠪᠡᠯᠡᠬᠡᠨ ᠪᠠᠢᠨ᠎ᠠ᠃ ᠬᠠᠮᠠᠷ ᠯᠣᠳᠤᠨ ᠡᠭᠡᠷ ᠲᠠᠲᠠᠵᠤ ᠠᠪᠤᠭᠠᠳ᠂ ᠮᠡᠩᠭᠡᠲᠦ᠎ᠶᠢᠨ ᠬᠦᠦ ᠵᠦᠭ ᠲᠡᠮᠡᠦᠯᠬᠦ᠎ᠳᠡᠭᠡᠨ ᠠᠪᠳᠠᠷ᠎ᠠ ᠳᠣᠲᠤᠷ᠎ᠠ᠎ᠠᠴᠠ ᠭᠣᠭᠤᠵᠢᠵᠤ ᠭᠡᠭᠡᠭᠳᠡᠭᠰᠡᠨ ᠶᠠᠭᠠᠨ ᠳᠤᠷᠳᠤᠩ ᠠᠯᠴᠢᠭᠤᠷ ᠣᠯᠠᠨ᠎ᠤ ᠬᠥᠯ᠎ᠳᠦ ᠳᠡᠪᠰᠡᠭᠳᠡᠨ ᠪᠠᠢᠭ᠎ᠠ᠎ᠶᠢ ᠦᠵᠡᠭᠡᠳ ᠰᠡᠮᠬᠡᠨ ᠰᠢᠭᠦᠷᠡᠵᠦ ᠠᠪᠤᠭᠠᠳ ᠲᠡᠯᠡᠢᠯᠠᠪᠡ᠃

《ᠨᠠᠢᠷ ᠪᠣᠳᠤᠵᠤ ᠥᠷᠦᠰᠢᠶᠡᠯ ᠦᠵᠡᠭᠦᠯᠴᠢᠬᠡ᠂ ᠳᠡᠭᠦᠦ᠎ᠮᠢᠨᠢ!》

《ᠭᠣᠷᠢ᠎ᠦᠭᠡᠢ᠂ ᠭᠣᠷᠢ᠎ᠦᠭᠡᠢ᠂ ᠳᠥᠷᠪᠡᠨ ᠬᠠᠭᠤᠴᠢᠨ ᠰᠤᠷᠲᠠᠯ᠎ᠢ ᠡᠪᠳᠡᠬᠦ᠎ᠨᠢ ᠮᠠᠨ᠎ᠤ ᠤᠯᠠᠭᠠᠨ ᠬᠠᠮᠠᠭᠠᠯᠠᠬᠤ ᠴᠡᠷᠢᠭ᠎ᠦᠨ ᠳᠠᠷᠬᠠᠨ ᠦᠢᠯᠡᠰ! ᠨᠠᠳᠠ᠎ᠲᠠᠢ ᠪᠠᠢᠲᠤᠭᠠᠢ ᠡᠪᠦᠭᠡ᠎ᠲᠡᠢ᠎ᠮᠢᠨᠢ ᠨᠠᠢᠷ᠎ᠲᠠᠢ ᠶᠠᠪᠤᠭᠰᠠᠨ᠎ᠴᠤ ᠢᠯᠳᠠᠷ ᠬᠠᠶᠠᠬᠤ᠎ᠦᠭᠡᠢ᠃ ᠶᠠᠭᠤ ᠪᠣᠯᠤᠭᠰᠠᠨ᠎ᠴᠤ ᠹᠧᠣᠳᠠᠯ ᠶᠣᠰᠤ᠎ᠶᠢ ᠤᠬᠠᠭᠤᠯᠤᠭᠰᠠᠨ ᠵᠢᠷᠤᠭ᠎ᠢ ᠦᠯᠡᠳᠡᠭᠡᠵᠦ ᠪᠣᠯᠬᠤ᠎ᠦᠭᠡᠢ!》

《ᠯᠣᠳᠤᠨ ᠠᠬ᠎ᠠ᠎ᠨᠢ ᠠᠯᠲᠠᠨ ᠯᠤᠤ᠎ᠪᠠᠨ ᠁᠎ᠦᠭᠡᠢ᠂ ᠬᠠᠷ᠎ᠠ ᠹᠸᠣᠳᠠᠯ᠎ᠢᠶᠠᠨ ᠠᠷᠢᠯᠭᠠᠭᠠᠳ ᠬᠠᠶᠠᠴᠢᠬᠠᠪᠠᠯ ᠠᠪᠳᠠᠷ᠎ᠠ᠎ᠶᠢ᠎ᠮᠢᠨᠢ ᠪᠠᠯᠪᠠᠴᠢᠬᠤ᠎ᠦᠭᠡᠢ᠎ᠳᠤ ᠪᠣᠯᠤᠨ᠎ᠠ᠎ᠤᠤ?》 ᠭᠡᠵᠦ ᠬᠠᠮᠠᠷ ᠯᠣᠳᠤᠨ ᠰᠡᠬᠡᠭᠡ᠎ᠦᠭᠡᠢ ᠠᠰᠠᠭᠤᠬᠤ᠎ᠳᠤ:

《ᠠᠷᠢᠯᠭᠠᠭᠠᠳ ᠬᠠᠶᠠᠨ᠎ᠠ ᠭᠡᠨ᠎ᠡ? ᠲᠡᠭᠡᠪᠡᠯ ᠪᠠᠰᠠ ᠶᠠᠭᠠᠮᠠᠢ᠂ ᠬᠣᠣᠷ ᠲᠠᠷᠬᠠᠭᠠᠭᠰᠠᠨ᠎ᠢᠶᠠᠨ ᠣᠯᠠᠨ᠎ᠤ ᠨᠢᠭᠤᠷ ᠳᠡᠭᠡᠷ᠎ᠡ ᠮᠡᠳᠡᠷᠡᠳᠡᠭ᠎ᠶᠦᠮ ᠪᠣᠯ ᠶᠠᠭᠠᠬᠢᠬᠤᠪ᠂ ᠤᠯᠠᠭᠠᠨ ᠲᠠᠪᠤᠨ ᠲᠥᠷᠦᠯ᠎ᠳᠦ ᠪᠠᠭᠲᠠᠭᠰᠠᠨ᠎ᠳᠤ᠎ᠴᠢᠨᠢ᠎ᠯᠠ ᠨᠠᠢᠷ ᠬᠠᠷᠠᠵᠤ ᠨᠢᠭᠡ ᠤᠳᠠᠭ᠎ᠠ ᠠᠭᠤᠴᠢᠯᠠᠴᠢᠬᠠᠶ᠎ᠠ!》 ᠭᠡᠳ ᠰᠦᠪᠡᠭᠡ ᠲᠤᠯᠤᠨ ᠰᠦᠷ ᠮᠠᠨᠳᠤᠭᠤᠯᠵᠤ ᠪᠠᠢᠭᠰᠠᠨ ᠮᠡᠩᠭᠡᠲᠦ᠎ᠶᠢᠨ ᠬᠦᠦ ᠵᠢᠭᠠᠬᠠᠨ ᠠᠶᠠᠳᠠᠵᠤ ᠵᠥᠭᠡᠯᠡᠷᠡᠪᠡ᠃

ᠪᠠᠢᠳᠠᠭ ᠪᠠᠭᠠᠵᠢ᠎ᠪᠠᠨ ᠪᠠᠷᠢᠭᠠᠳᠠ ᠳᠡᠭᠡᠷ᠎ᠡ ᠲᠠᠯᠪᠢᠭᠰᠠᠨ ᠲᠤᠯᠠ ᠬᠠᠮᠠᠷ ᠯᠣᠳᠤᠨ ᠭᠠᠷ ᠮᠤᠬᠤᠷᠳᠠᠵᠤ ᠰᠠᠨᠳᠤᠷᠤᠨ᠎ᠠ᠃ ᠠᠪᠳᠠᠷ᠎ᠠ᠎ᠶᠢᠨ ᠬᠥᠨᠳᠡᠢ᠎ᠪᠡᠷ ᠡᠮᠲᠡᠷᠡᠵᠦ ᠮᠣᠬᠤᠭᠰᠠᠨ ᠤᠭᠤᠯᠢ᠎ᠶᠢᠨ ᠲᠣᠯᠤᠭᠠᠢ᠎ᠪᠠᠨ ᠰᠠᠨᠠᠵᠤ᠂ ᠮᠤᠷᠤᠢ ᠮᠣᠳᠤᠨ᠎ᠳᠤ ᠳᠥᠭᠦᠮᠬᠡᠨ ᠡᠰᠢᠯᠡᠪᠡ᠃

ᠲᠦᠰ - ᠮᠣᠬᠤᠭᠤ ᠤᠭᠤᠯᠢ᠎ᠶᠢᠨ ᠲᠤᠰᠤᠯᠲᠠ ᠬᠠᠮᠠᠷ ᠯᠣᠳᠤᠨ᠎ᠤ ᠵᠢᠷᠦᠬᠡ᠎ᠶᠢ ᠣᠨᠤᠪᠠ᠃ ᠮᠠᠩᠨᠠᠢ ᠳᠦᠭᠦᠷᠡᠩ ᠳᠠᠭᠠᠪᠤᠷᠢᠯᠠᠬᠤ ᠬᠥᠯᠦᠰᠦ᠎ᠨᠢ ᠮᠡᠯᠮᠡᠢ ᠳᠦᠭᠦᠷᠡᠩ ᠲᠤᠨᠤᠯᠵᠠᠬᠤ ᠨᠢᠯᠪᠤᠰᠤ᠎ᠲᠠᠢ᠎ᠨᠢ ᠨᠡᠢᠯᠡᠭᠡᠳ ᠮᠠᠨᠴᠤᠷᠭᠠᠨ ᠬᠠᠮᠠᠷ᠎ᠤᠨ ᠬᠢᠨᠢ ᠤᠭ᠎ᠢᠶᠠᠷ ᠵᠢᠮ ᠪᠣᠯᠤᠨ ᠵᠤᠷᠠᠢᠭᠰᠠᠭᠠᠷ ᠵᠠᠪᠠᠵᠢᠨ᠎ᠳᠤᠨᠢ ᠬᠤᠷᠠᠵᠤ ᠱᠣᠷᠪᠤᠭ ᠠᠮᠲᠠ ᠠᠮᠲᠠᠭᠳᠠᠨ᠎ᠠ᠃ ᠮᠠᠨᠳᠠᠭᠠᠨ᠎ᠴᠤ ᠴᠢᠪᠠᠭᠠᠨᠴᠠ᠎ᠲᠠᠢ ᠭᠡᠷᠯᠡᠭᠰᠡᠨ᠎ᠦᠭᠡᠢ᠂ ᠴᠢᠪᠠᠭᠠᠨᠴᠠ᠎ᠲᠠᠢ ᠭᠡᠷᠯᠡᠭᠰᠡᠨ ᠪᠣᠯ ᠪᠠᠰᠠ ᠨᠢᠭᠡ ᠹᠸᠣᠳᠠᠯ᠎ᠢᠶᠠᠨ ᠠᠷᠢᠯᠭᠠᠭᠤᠯᠬᠤ ᠪᠣᠯᠤᠨ᠎ᠠ᠃

ᠮᠡᠩᠭᠡᠲᠦ᠎ᠶᠢᠨ ᠬᠦᠦ ᠴᠣᠬᠤᠮ ᠶᠠᠭᠤ ᠪᠣᠳᠤᠭᠰᠠᠨ᠎ᠢ ᠪᠤᠤ ᠮᠡᠳᠡ᠂ ᠬᠠᠮᠠᠷ ᠯᠣᠳᠤᠨ᠎ᠳᠤ ᠪᠣᠭᠲᠤᠰᠤᠨ ᠲᠡᠮᠳᠡᠭ᠎ᠢᠶᠡᠨ ᠪᠡᠯᠡᠭᠯᠡᠵᠦ ᠵᠡᠭᠦᠯᠭᠡᠭᠡᠳ: 《ᠯᠣᠳᠤᠨ᠎ᠳᠤ ᠮᠡᠨᠳᠦᠴᠢᠯᠡᠯ ᠬᠦᠷᠭᠡᠶ᠎ᠡ! ᠯᠣᠳᠤᠨ᠎ᠲᠠᠢ ᠬᠠᠮᠲᠤ ᠪᠠᠢᠯᠳᠤᠵᠤ᠂ ᠯᠣᠳᠤᠨ᠎ᠲᠠᠢ ᠬᠠᠮᠲᠤ ᠢᠯᠠᠯᠲᠠ ᠣᠯᠤᠨ᠎ᠠ!》 ᠭᠡᠵᠦ ᠬᠠᠰᠭᠢᠷᠤᠭᠰᠠᠭᠠᠷ ᠣᠮᠤᠭᠲᠠᠢᠬᠠᠨ ᠠᠶᠠᠷᠯᠠᠨ ᠣᠳᠴᠠᠢ᠃

ᠬᠠᠮᠠᠷ ᠯᠣᠳᠤᠨ ᠰᠤᠭᠤ᠎ᠨᠢ ᠬᠡᠭᠵᠡᠷᠡᠵᠦ᠂ ᠮᠥᠷᠦ᠎ᠨᠢ ᠲᠠᠰᠤᠷᠠᠭᠰᠠᠨ ᠰᠡᠮᠡᠷᠬᠡᠢ ᠬᠠᠨᠲᠠᠭᠠᠵᠠ᠎ᠶᠢᠨ᠎ᠢᠶᠠᠨ ᠬᠠᠨᠴᠤᠢ᠎ᠳᠤ ᠤᠯᠠᠯᠵᠠᠬᠤ ᠠᠮᠢᠨ ᠰᠠᠬᠢᠶ᠎ᠠ᠎ᠲᠠᠢ ᠤᠯᠠᠭᠠᠨ 《ᠳᠤᠭ》᠎ᠢ ᠰᠠᠨᠠᠨ ᠰᠠᠨᠠᠨ ᠰᠢᠨᠵᠢᠭᠰᠡᠭᠡᠷ᠂ ᠳᠣᠭᠳᠤᠯᠤᠨ ᠬᠥᠭᠰᠡᠭᠰᠡᠨ ᠭᠡᠵᠦ ᠵᠢᠭᠲᠡᠢ᠃ ᠡᠰᠡ᠎ᠯᠡ ᠰᠣᠯᠢᠶᠠᠷᠠᠪᠠ᠃ ᠬᠠᠮᠠᠷ ᠬᠠᠰᠢ᠎ᠯᠠ ᠬᠠᠮᠠᠷ᠃ ᠰᠢᠷ᠎ᠠ ᠬᠣᠷᠭᠤᠢ ᠡᠯᠢᠭᠡᠪᠴᠢ᠂ ᠬᠦᠷᠡᠩ ᠳᠠᠯᠢᠩᠪᠤᠤ ᠲᠡᠯᠡᠢ᠎ᠪᠡᠷ᠎ᠢᠶᠡᠨ ᠡᠢᠮᠦ ᠰᠠᠢᠬᠠᠨ ᠶᠠᠭᠤᠮ᠎ᠠ ᠰᠣᠯᠢᠭᠠᠳ ᠨᠢᠳᠦ ᠢᠷᠮᠡᠬᠦ ᠵᠠᠭᠤᠷ᠎ᠠ ᠰᠠᠬᠢᠭᠤᠯᠰᠤᠨ᠎ᠤ ᠡᠩᠨᠡᠭᠡᠨ᠎ᠳᠦ ᠲᠠᠯᠪᠢᠭᠠᠳ ᠣᠷᠤᠴᠢᠬᠠᠪᠠ᠃ ᠯᠣᠳᠤᠨ ᠤᠷᠢᠳᠤ᠎ᠶᠢᠨ ᠯᠣᠳᠤᠨ ᠪᠢᠰᠢ ᠪᠣᠯᠵᠠᠢ᠂ ᠣᠳᠣ᠎ᠴᠢᠨᠢ ᠵᠠᠩᠵᠤᠨ ᠮᠥᠷᠲᠡᠭᠡᠨ ᠭᠠᠯ᠎ᠤᠨ ᠠᠬ᠎ᠠ᠎ᠨᠢ ᠡ ᠁ ᠬᠠᠮᠠᠷ ᠯᠣᠳᠤᠨ ᠭᠡᠨᠡᠳᠲᠡ ᠠᠪᠳᠠᠷ᠎ᠠ᠎ᠶᠢᠨ ᠢᠷᠤᠭᠠᠷ᠎ᠢᠶᠠᠨ ᠠᠭᠤᠳᠠᠯᠤᠨ᠂ ᠹᠧᠣᠳᠠᠯ ᠪᠠᠢᠬᠤ ᠡᠰᠡᠬᠦ᠎ᠶᠢ ᠪᠠᠢᠴᠠᠭᠠᠵᠤ ᠡᠬᠢᠯᠡᠪᠡ᠃ ᠰᠡᠮᠡᠷᠬᠡᠢ ᠬᠠᠳᠠᠭ᠂ ᠱᠠᠵᠠᠩ ᠬᠥᠬᠦᠷ᠂ ᠭᠠᠤᠯᠢᠨ ᠴᠥᠭᠦᠴᠡ ᠁ ᠳᠥᠷᠪᠡᠨ ᠬᠠᠭᠤᠴᠢᠨ ᠰᠤᠷᠲᠠᠯ ᠭᠡᠰᠡᠨ᠎ᠶᠦᠮ ᠳ᠋ᠠ᠂ ᠮᠢᠨᠦ ᠡᠨᠡ᠎ᠴᠢᠨᠢ ᠭᠤᠷᠪᠠᠬᠠᠨ᠎ᠯᠠ ᠪᠠᠢᠨ᠎ᠠ᠃ ᠥᠭᠡᠷ᠎ᠡ ᠶᠠᠭᠤ᠎ᠪᠠᠨ ᠰᠢᠯᠢᠵᠦ ᠭᠠᠷᠭᠠᠳᠠᠭ ᠪᠢᠯᠡ? ᠬᠠᠮᠠᠷ ᠯᠣᠳᠤᠨ ᠪᠠᠢᠳᠠᠭ ᠬᠥᠷᠦᠩᠭᠡ ᠳᠡᠭᠡᠷ᠎ᠡ᠎ᠪᠡᠨ ᠨᠢᠭᠡ ᠵᠡᠷᠭᠡ ᠨᠢᠳᠦ ᠪᠡᠯᠴᠢᠭᠡᠭᠰᠡᠨ᠎ᠢᠶᠡᠨ ᠲᠤᠤᠵᠠ ᠬᠠᠳᠭᠤᠮᠠᠯ᠎ᠲᠠᠢ ᠲᠣᠷᠭᠠᠨ ᠲᠡᠷᠯᠢᠭ᠎ᠢᠶᠡᠨ ᠰᠢᠭᠦᠷᠦᠨ ᠠᠪᠤᠪᠠ᠃ ᠲᠡᠷᠡ ᠵᠢᠯ ᠪᠠᠳᠮ᠎ᠠ ᠪᠡᠷᠭᠡᠨ᠎ᠦ ᠪᠠᠯᠪᠠᠷᠬᠠᠢ ᠲᠣᠭᠤᠨᠤ᠎ᠶᠢ ᠪᠦᠬᠦᠯᠢ ᠡᠳᠦᠷ ᠵᠠᠰᠠᠵᠤ ᠪᠠᠢᠭᠠᠳ ᠬᠡᠷᠡᠭ ᠪᠣᠯᠭᠠᠵᠤ ᠣᠶᠤᠭᠤᠯᠤᠭᠰᠠᠨ᠎ᠶᠤᠮ ᠳ᠋ᠠᠭ᠃ ᠵᠠᠭᠷᠠᠢᠮ᠎ᠠ᠎ᠲᠠᠢ ᠭᠡᠷᠯᠡᠬᠦ ᠦᠶ᠎ᠡ᠎ᠳᠡᠭᠡᠨ ᠡᠮᠦᠰᠬᠦ ᠭᠡᠵᠦ ᠴᠣ᠋ ᠰᠢᠨ᠎ᠡ᠎ᠪᠡᠷ᠎ᠨᠢ ᠬᠠᠳᠠᠭᠠᠯᠠᠭᠰᠠᠭᠠᠷ ᠡᠳᠦᠢ ᠪᠣᠯᠵᠠᠢ᠃ ᠬᠠᠶᠠᠪᠠᠯ ᠳᠡᠩᠴᠢ ᠬᠠᠢᠷᠠᠨ᠂ ᠪᠣᠯᠵᠠᠢ ᠴᠠᠰᠢ! ᠰᠢᠨ᠎ᠡ ᠪᠣᠯᠪᠠᠴᠤ ᠬᠠᠭᠤᠴᠢᠨ᠎ᠢᠶᠠᠷ ᠪᠣᠳᠤᠴᠢᠬᠠᠶ᠎ᠠ! ᠵᠠᠩᠵᠤᠨ ᠪᠣᠯᠤᠭᠰᠠᠨ ᠬᠥᠮᠦᠨ ᠡᠳᠦᠢᠬᠡᠨ᠎ᠢ ᠠᠯᠳᠠᠬᠤ᠎ᠳᠤ ᠭᠡᠮᠰᠢᠬᠦ ᠶᠣᠰᠤ ᠶᠠᠭᠤ ᠪᠠᠢᠨ᠎ᠠ? ᠁ ᠬᠠᠮᠠᠷ ᠯᠣᠳᠤᠨ 《ᠳᠥᠷᠪᠡᠨ ᠬᠠᠭᠤᠴᠢᠨ ᠰᠤᠷᠲᠠᠯ》᠎ᠢ ᠴᠢᠳᠠᠨ ᠶᠠᠳᠠᠨ ᠪᠦᠷᠢᠳᠦᠭᠦᠯᠵᠦ᠂ ᠦᠨᠡᠰᠦᠨ ᠣᠪᠤᠭᠠᠨ ᠳᠡᠭᠡᠷ᠎ᠡ ᠪᠤᠯᠠᠵᠤ ᠬᠠᠶᠠᠭᠠᠳ ᠢᠯᠠᠭᠤᠭᠰᠠᠨ ᠴᠢᠷᠠᠢ᠎ᠳᠤᠨᠢ ᠪᠠᠶᠠᠰᠭᠤᠯᠠᠩ ᠲᠤᠶᠠᠭᠠᠷᠠᠪᠠ᠃

ᠵᠠᠩᠵᠤᠨ ᠪᠣᠯᠤᠭᠰᠠᠨ ᠬᠥᠮᠦᠨ᠎ᠳᠦ ᠥᠭᠡᠷ᠎ᠡ ᠶᠠᠭᠤ ᠬᠡᠷᠡᠭᠲᠡᠢ ᠪᠢᠯᠡ? ᠭᠡᠵᠦ ᠬᠠᠮᠠᠷ ᠯᠣᠳᠤᠨ ᠰᠦᠮ᠎ᠡ᠎ᠶᠢᠨ ᠬᠦᠷᠢᠶᠡᠨ᠎ᠳᠦ᠂ ᠭᠡᠷ᠎ᠦᠨ ᠬᠢᠨᠢ ᠡᠭᠦᠳᠡᠨ᠎ᠳᠦ ᠪᠣᠯᠵᠤ ᠪᠠᠢᠭᠰᠠᠨ ᠠᠯᠢᠪᠠ ᠶᠠᠪᠤᠳᠠᠯ᠎ᠢ ᠡᠷᠭᠢᠴᠡᠭᠦᠯᠪᠡ᠃ ᠥ ᠲᠡᠢᠮᠦ᠂ ᠮᠠᠯᠠᠭᠠᠢ ᠪᠠ ᠡᠩᠭᠡᠷ ᠳᠡᠭᠡᠷ᠎ᠡ᠎ᠪᠡᠨ ᠬᠥᠷᠦᠭ ᠵᠡᠭᠦᠭᠰᠡᠨ ᠪᠠᠢᠬᠤ ᠬᠡᠷᠡᠭᠲᠡᠢ᠃ ᠭᠠᠷ᠎ᠲᠠᠭᠠᠨ ᠵᠢᠵᠢᠭ ᠤᠯᠠᠭᠠᠨ ᠳᠡᠪᠲᠡᠷ ᠠᠳᠭᠤᠭᠰᠠᠨ ᠪᠠᠢᠬᠤ ᠬᠡᠷᠡᠭᠲᠡᠢ᠃ ᠠᠮᠠ ᠨᠡᠭᠡᠭᠡᠬᠦ ᠪᠣᠯᠭᠠᠨ 《ᠬᠠᠮᠤᠭ᠎ᠤᠨ ᠳᠡᠭᠡᠳᠦ ᠵᠢᠭᠠᠪᠤᠷᠢ》 ᠭᠡᠵᠦ ᠤᠩᠰᠢᠬᠤ ᠬᠡᠷᠡᠭᠲᠡᠢ! ᠭᠡᠲᠡᠯ᠎ᠡ 《ᠬᠠᠮᠤᠭ᠎ᠤᠨ ᠳᠡᠭᠡᠳᠦ ᠵᠢᠭᠠᠪᠤᠷᠢ》᠎ᠨᠢ ᠶᠠᠭᠤ ᠪᠣᠯᠬᠤ᠎ᠶᠢ ᠬᠠᠮᠠᠷ ᠯᠣᠳᠤᠨ ᠶᠠᠭ ᠮᠡᠳᠡᠬᠦ᠎ᠦᠭᠡᠢ ᠲᠤᠯᠠ᠂ 《ᠤᠮ ᠮᠠ᠎ᠨᠢ ᠪᠠᠳ ᠮᠧ ᠬᠤᠮ》 ᠭᠡᠵᠦ ᠤᠩᠰᠢᠬᠤ ᠪᠣᠯᠳᠠᠭ ᠪᠣᠯ᠎ᠤᠤ? ᠭᠡᠵᠦ ᠪᠣᠳᠤᠵᠠᠢ᠃ ᠮᠠᠷᠭᠠᠰᠢ᠎ᠠᠴᠠ᠎ᠨᠢ ᠬᠠᠮᠠᠷ ᠯᠣᠳᠤᠨ ᠬᠠᠷ᠎ᠠ ᠪᠣᠷᠤ ᠠᠵᠢᠯ᠎ᠢᠶᠠᠨ ᠬᠠᠶᠠᠭᠠᠳ ᠡᠨᠳᠡ ᠲᠡᠨᠳᠡ ᠭᠦᠶᠦᠵᠦ᠂ ᠬᠠᠮᠤᠭ᠎ᠤᠨ ᠳᠡᠭᠡᠳᠦ ᠵᠢᠭᠠᠪᠤᠷᠢ ᠭᠡᠵᠦ ᠪᠣᠯᠪᠠᠰᠤᠷᠠᠵᠤ ᠡᠬᠢᠯᠡᠪᠡ᠃ ᠴᠢᠩᠭᠢᠭᠡᠳ ᠠᠢᠯ᠎ᠤᠨ ᠬᠣᠭᠤᠯᠠ ᠬᠤᠰᠢᠨ ᠳᠡᠭᠡᠷ᠎ᠡ ᠲᠠᠭᠠᠷᠠᠪᠠᠯ: ᠬᠠᠭᠤᠴᠢᠨ ᠪᠡᠯᠡᠨ᠎ᠢᠶᠡᠨ ᠢᠳᠡᠵᠦ ᠪᠣᠯᠬᠤ᠎ᠦᠭᠡᠢ᠂ ᠰᠢᠨ᠎ᠡ ᠭᠤᠯᠢᠷ ᠪᠠᠢᠬᠤ ᠬᠡᠷᠡᠭᠲᠡᠢ ᠬᠡᠮᠡᠬᠦ ᠪᠣᠯᠵᠠᠢ᠃ ᠬᠠᠮᠤᠭ᠎ᠤᠨ ᠠᠮᠵᠢᠯᠲᠠ᠎ᠲᠠᠢ ᠰᠤᠷᠴᠤ ᠬᠡᠷᠡᠭᠯᠡᠭᠰᠡᠨ ᠨᠢᠭᠡ ᠤᠳᠠᠭ᠎ᠠ ᠭᠡᠪᠡᠯ ᠬᠥᠳᠡᠭᠡ᠎ᠶᠢᠨ ᠬᠡᠳᠦᠨ ᠵᠠᠯᠠᠭᠤᠰ 《ᠪᠠᠢᠯᠳᠤᠬᠤ ᠠᠩᠭᠢ》 ᠪᠠᠢᠭᠤᠯᠬᠤ᠎ᠳᠤ ᠬᠣᠷᠤᠬᠠᠢᠯᠠᠵᠤ᠂ ᠬᠠᠪᠢ ᠲᠥᠰᠦᠷ᠎ᠲᠡᠭᠡᠨ ᠭᠠᠭᠴᠠᠬᠠᠨ ᠪᠣᠭᠲᠤᠰᠤᠨ ᠲᠡᠮᠳᠡᠭ᠎ᠲᠡᠢ᠎ᠪᠡᠷ᠎ᠨᠢ ᠬᠠᠮᠠᠷ ᠯᠣᠳᠤᠨ᠎ᠢ ᠡᠷᠢᠨ ᠵᠥᠪᠳᠡᠯᠴᠡᠵᠡᠢ᠃ ᠬᠠᠮᠠᠷ ᠯᠣᠳᠤᠨ᠎ᠴᠤ ᠭᠠᠯ᠎ᠤᠨ ᠠᠬ᠎ᠠ᠎ᠶᠢᠨ ᠰᠡᠭᠡᠷᠳᠡᠭᠦᠦ ᠵᠠᠩ᠎ᠢᠶᠠᠷ: 《ᠲᠡᠷᠡ᠎ᠴᠦ ᠪᠣᠯᠤᠯᠭᠦᠢ ᠳ᠋ᠠ᠂ ᠭᠠᠭᠴᠠ ᠨᠠᠮᠵᠢᠯ ᠵᠠᠯᠠᠨ ᠶᠠᠭᠤ ᠭᠡᠵᠦ ᠪᠠᠢᠨ᠎ᠠ ᠪᠤᠢ?》 ᠭᠡᠵᠦ ᠠᠰᠠᠭᠤᠵᠠᠢ᠃ ᠬᠡᠳᠦᠨ ᠵᠠᠯᠠᠭᠤᠰ ᠦᠭᠡᠨ᠎ᠦ ᠬᠢᠨᠢ ᠤᠬᠠᠭᠠᠨ᠎ᠢ ᠣᠯᠵᠤ ᠶᠠᠳᠠᠨ ᠪᠡᠶ᠎ᠡ ᠪᠡᠶ᠎ᠡ᠎ᠪᠡᠨ ᠰᠢᠷᠲᠡᠯᠴᠡᠭᠰᠡᠨ᠎ᠢᠶᠡᠨ ᠨᠢᠭᠡ᠎ᠨᠢ: 《ᠨᠠᠮᠵᠢᠯ ᠵᠠᠯᠠᠨ ᠶᠠᠭᠤ᠎ᠴᠤ ᠭᠡᠰᠡᠨ᠎ᠦᠭᠡᠢ᠂ ᠪᠠᠢᠯᠳᠤᠬᠤ ᠠᠩᠭᠢ ᠪᠠᠢᠭᠤᠯᠪᠠᠯ ᠪᠢ ᠪᠠᠰᠠ ᠣᠷᠤᠶ᠎ᠠ ᠭᠡᠵᠦ ᠵᠠᠯᠠᠨ᠎ᠤ ᠰᠢᠷ᠎ᠠ ᠬᠦᠦ᠎ᠯᠡ ᠪᠡᠷᠬᠡ ᠭᠤᠶᠤᠵᠤ ᠪᠠᠢᠭᠰᠠᠨ》 ᠭᠡᠵᠦ ᠠᠮᠠ ᠠᠯᠳᠠᠪᠠ᠃

《ᠪᠦᠷ ᠲᠡᠢᠮᠦ ᠪᠣᠯᠬᠤ᠎ᠶᠤᠮ ᠡ! ᠳᠠᠢᠰᠤᠨ᠎ᠤ ᠬᠣᠷᠤᠬᠠᠢᠯᠠᠳᠠᠭ ᠪᠦᠬᠦᠨ᠎ᠢ ᠪᠢᠳᠡ ᠡᠰᠡᠷᠭᠦᠴᠡᠨ᠎ᠡ᠃ ᠪᠠᠢᠯᠳᠤᠬᠤ ᠠᠩᠭᠢ ᠭᠠᠷᠭᠠᠵᠤ ᠪᠣᠯᠬᠤ᠎ᠦᠭᠡᠢ》 ᠭᠡᠵᠦ ᠬᠠᠮᠠᠷ ᠯᠣᠳᠤᠨ ᠭᠠᠭᠴᠠᠬᠠᠨ ᠦᠭᠡ᠎ᠪᠡᠷ ᠬᠠᠮᠤᠭ ᠵᠠᠯᠠᠭᠤᠰ᠎ᠤᠨ ᠲᠦᠭᠦᠰᠢ᠎ᠶᠢ ᠵᠠᠭᠤᠷᠠᠭᠤᠯᠵᠤ ᠲᠠᠯᠪᠢᠵᠠᠢ᠃ ᠲᠡᠢᠮᠦ᠎ᠡᠴᠡ ᠬᠥᠳᠡᠭᠡ᠎ᠶᠢᠨ ᠬᠥᠮᠦᠰ ᠬᠠᠮᠠᠷ ᠯᠣᠳᠤᠨ ᠭᠡᠪᠡᠯ ᠨᠡᠭᠡᠷᠡᠨ ᠪᠢᠰᠢᠷᠡᠵᠦ ᠬᠦᠨᠳᠦᠯᠡᠳᠡᠭ᠎ᠡᠴᠡ ᠭᠠᠳᠠᠨ᠎ᠠ ᠪᠠᠰᠠ ᠵᠢᠭᠠᠬᠠᠨ ᠠᠶᠤᠬᠤ ᠳᠠᠢᠵᠢᠳᠠᠭ ᠪᠣᠯᠵᠠᠢ᠃

ᠢᠩᠭᠢᠬᠦ ᠲᠤᠲᠤᠮ ᠬᠠᠮᠠᠷ ᠯᠣᠳᠤᠨ ᠬᠡᠨ᠎ᠢ᠎ᠴᠦ ᠨᠢᠳᠦᠨ᠎ᠳᠡᠭᠡᠨ ᠬᠠᠪᠴᠢᠬᠤ᠎ᠦᠭᠡᠢ ᠪᠣᠯᠵᠤ᠂ ᠵᠥᠪᠬᠡᠨ᠎ᠯᠡ ᠮᠡᠩᠭᠡᠲᠦ᠎ᠶᠢᠨ ᠬᠦᠦ᠎ᠲᠡᠢ ᠪᠤᠯᠤ ᠲᠡᠩᠬᠡᠯᠢᠭ ᠪᠣᠯᠤᠨ ᠨᠡᠢᠯᠡᠨ᠎ᠡ᠃ ᠪᠢᠴᠢᠬᠠᠨ ᠵᠠᠩᠵᠤᠨ ᠭᠡᠳᠡᠭ᠎ᠴᠢᠨᠢ ᠶᠣᠰᠤᠲᠠᠢ ᠱᠠᠭᠢᠮᠤᠨᠢ᠎ᠶᠢᠨ ᠡᠪᠦᠭᠡ᠎ᠡᠴᠡ᠎ᠴᠦ ᠢᠯᠡᠭᠦᠦ ᠰᠠᠢᠨ ᠵᠠᠩ᠎ᠲᠠᠢ ᠤᠯᠤᠰ ᠪᠠᠢᠨ᠎ᠠ ᠳ᠋ᠠ ! ᠬᠠᠨᠢᠯᠠᠪᠠᠯ ᠡᠢᠮᠦ᠎ᠯᠡ ᠤᠯᠤᠰ᠎ᠲᠠᠢ ᠬᠠᠨᠢᠯᠠᠵᠤ᠂ ᠮᠥᠷᠳᠡᠪᠡᠯ ᠡᠨᠡ᠎ᠯᠡ ᠵᠠᠮ᠎ᠢ ᠮᠥᠷᠳᠡᠶ᠎ᠡ! ᠪᠤᠷᠤᠭᠤ ᠮᠡᠳᠡᠷᠡᠭᠰᠡᠨ ᠪᠠᠢᠲᠠᠯ᠎ᠠ ᠮᠠᠭᠤ᠎ᠶᠢ᠎ᠨᠢ ᠳᠤᠷᠠᠰᠤᠭᠠᠳ ᠪᠠᠢᠳᠠᠭ ᠬᠢᠯᠠᠷ ᠳᠠᠮᠪᠢ᠂ ᠴᠠᠭᠠᠨ ᠬᠥᠮᠦᠨ᠎ᠦ ᠲᠣᠯᠤᠭᠠᠢ ᠳᠡᠭᠡᠷ᠎ᠡ ᠬᠠᠷ᠎ᠠ ᠲᠣᠭᠤᠭ᠎ᠠ ᠬᠥᠮᠦᠷᠢᠳᠡᠭ ᠬᠣᠭᠤᠯᠠ ᠬᠠᠮᠢᠶᠠᠷᠤᠭᠴᠢ᠂ ᠶᠠᠯᠢᠭᠦᠢ ᠶᠠᠭᠤᠮ᠎ᠠ᠎ᠳᠤ ᠥᠰ ᠵᠠᠩᠭᠢᠳᠤᠭᠰᠠᠨ ᠵᠠᠯᠠᠭᠤ ᠴᠢᠪᠠᠭᠠᠨᠴᠠ ᠁ ᠵᠠᠩᠵᠤᠳ᠎ᠤᠨ᠎ᠮᠢᠨᠢ ᠳᠡᠷᠭᠡᠳᠡ ᠡᠳᠡ ᠶᠣᠰᠤᠲᠠᠢ᠎ᠯᠠ ᠬᠤᠳᠳᠤᠭ᠎ᠤᠨ ᠮᠡᠯᠡᠬᠡᠢ! ᠤᠯᠠᠭᠠᠨ ᠨᠠᠷᠠ᠂ ᠤᠯᠠᠭᠠᠨ ᠵᠢᠷᠦᠬᠡ᠃ ᠤᠯᠠᠭᠠᠨ ᠳᠡᠪᠲᠡᠷ᠂ ᠤᠯᠠᠭᠠᠨ ᠬᠥᠷᠦᠭ᠃ ᠤᠯᠠᠭᠠᠨ ᠪᠣᠭᠲᠤᠰᠤᠨ 《ᠳᠤᠭ》᠂ ᠤᠯᠠᠭᠠᠨ ᠣᠳᠣ ᠁ ᠠᠶ᠎ᠠ! ᠪᠢ᠎ᠴᠢᠨᠢ ᠡᠢᠮᠦ ᠬᠤᠷᠳᠤᠨ ᠤᠯᠠᠭᠠᠨ ᠵᠢᠷᠭᠤᠭᠠᠨ ᠲᠥᠷᠦᠯ᠎ᠲᠡᠢ ᠪᠣᠯᠴᠢᠬᠠᠯ᠎ᠠ᠃ ᠬᠡᠳᠦ ᠬᠣᠨᠤᠪᠠᠯ ᠠᠷᠪᠠ ᠬᠣᠷᠢᠨ ᠤᠯᠠᠭᠠᠨ᠎ᠲᠠᠢ᠎ᠴᠤ ᠪᠣᠯᠵᠤ ᠮᠡᠳᠡᠨ᠎ᠡ ᠳ᠋ᠠ !᠎ᠦᠭᠡᠢ ᠶᠡᠷᠦ᠎ᠨᠢ ᠮᠡᠩᠭᠡᠲᠦ᠎ᠶᠢᠨ ᠬᠦᠦ ᠪᠡᠶ᠎ᠡ᠎ᠪᠡᠨ ᠬᠡᠵᠢᠶᠡᠳᠡ ᠤᠯᠠᠭᠠᠨ ᠲᠠᠪᠤᠨ ᠲᠥᠷᠦᠯ ᠭᠡᠵᠦ ᠭᠠᠢᠬᠠᠭᠤᠯᠳᠠᠭ ᠪᠢᠰᠢ᠎ᠦᠦ? ᠬᠠᠮᠠᠷ ᠯᠣᠳᠤᠨ ᠣᠳᠣ ᠲᠡᠭᠦᠨ᠎ᠢ ᠲᠡᠯᠡᠢ᠎ᠳᠡᠭᠡᠨ᠎ᠴᠦ ᠬᠠᠪᠴᠢᠭᠤᠯᠬᠤ᠎ᠦᠭᠡᠢ ᠪᠣᠯᠤᠭᠰᠠᠨ ᠡ᠃ ᠬᠠᠭᠤᠴᠢᠨ᠎ᠢᠶᠠᠷ ᠵᠢᠱ᠋ᠢᠪᠡᠯ ᠬᠠᠮᠠᠷ ᠪᠢ ᠠᠮᠪᠠᠨ ᠰᠠᠭᠤᠭᠰᠠᠨ ᠪᠠᠢᠬᠤ᠎ᠳᠤ ᠮᠡᠩᠭᠡᠲᠦ᠎ᠶᠢᠨ ᠬᠦᠦ ᠳᠥᠩᠭᠡᠵᠢ ᠵᠠᠩᠭᠢ᠎ᠯᠠ ᠪᠢᠵᠡ!

ᠬᠠᠮᠲᠤ᠎ᠶᠢᠨ ᠢᠯᠠᠯᠲᠠ᠎ᠪᠠᠨ ᠣᠯᠬᠤ᠎ᠠᠴᠠ ᠡᠮᠦᠨ᠎ᠡ

ᠬᠠᠮᠠᠷ ᠯᠣᠳᠤᠨ᠎ᠳᠠᠭᠠᠨ ᠪᠠᠭᠤᠴᠢᠬᠠᠬᠤ᠎ᠨᠢ ᠡᠨᠡ᠎ᠦᠦ!

ᠨᠢᠭᠡᠳᠦᠯ ᠳᠡᠭᠡᠷ᠎ᠡ 《ᠰᠧᠯᠢᠩᠪᠦ᠋》᠎ᠶᠢ ᠫᠤᠤᠳᠠᠬᠤ ᠠᠨᠳᠠᠭᠠᠢᠯᠠᠯᠲᠠ᠎ᠶᠢᠨ ᠶᠡᠬᠡ ᠬᠤᠷᠠᠯ ᠪᠣᠯᠪᠠ᠃ ᠶᠠᠳᠠᠭᠤ ᠮᠠᠯᠴᠢᠨ᠎ᠤ ᠲᠥᠯᠦᠭᠡᠯᠡᠭᠴᠢ ᠭᠡᠵᠦ ᠬᠠᠮᠠᠷ ᠯᠣᠳᠤᠨ ᠪᠢᠴᠢᠬᠠᠨ ᠵᠠᠩᠵᠤᠨ᠎ᠤ ᠮᠣᠲ᠋ᠤᠷ᠎ᠤᠨ ᠠᠷᠤ᠎ᠳᠤ ᠰᠤᠨᠳᠠᠯᠠᠨ ᠢᠷᠡᠭᠡᠳ᠂ ᠲᠡᠷᠢᠭᠦᠯᠡᠭᠴᠢ᠎ᠶᠢᠨ ᠲᠠᠢᠰᠠᠨ᠎ᠳᠤ ᠵᠠᠯᠠᠭᠳᠠᠨ ᠭᠠᠷᠤᠭᠰᠠᠨ᠎ᠨᠢ ᠳᠠᠮᠵᠢᠭ᠎ᠦᠭᠡᠢ᠃ ᠬᠠᠮᠠᠷ ᠯᠣᠳᠤᠨ ᠡᠨᠡ ᠶᠠᠪᠤᠭ᠎ᠠ ᠨᠠᠰᠤᠨ᠎ᠳᠠᠭᠠᠨ ᠡᠢᠮᠦ ᠥᠪᠡᠳᠡᠭᠰᠢ ᠴᠤᠭᠯᠠᠭᠠᠨ᠎ᠳᠤ ᠠᠩᠬ᠎ᠠ ᠤᠳᠠᠭ᠎ᠠ ᠣᠷᠤᠯᠴᠠᠵᠤ ᠮᠢᠩᠭᠠᠨ ᠬᠥᠮᠦᠨ᠎ᠦ ᠡᠮᠦᠨ᠎ᠡ ᠲᠣᠩᠬᠤᠢᠨ ᠰᠠᠭᠤᠵᠤ ᠪᠠᠢᠭ᠎ᠠ ᠲᠤᠯᠠ ᠵᠢᠷᠦᠬᠡ᠎ᠨᠢ ᠡᠷᠬᠡ᠎ᠦᠭᠡᠢ ᠰᠠᠪᠠᠯᠠᠵᠤ᠂ ᠵᠠᠩᠭᠤᠤ ᠵᠠᠢᠳᠠᠯᠠᠭᠰᠠᠨ᠎ᠶᠤᠮ᠎ᠰᠢᠭ᠋ ᠣᠪᠤᠭᠤᠨᠠᠵᠤ ᠪᠠᠢᠯ᠎ᠠ᠃

ᠲᠠᠢᠰᠠᠨ ᠳᠣᠣᠷ᠎ᠠ ᠡᠯᠳᠡᠪ ᠡᠰᠡ᠎ᠶᠢᠨ ᠮᠠᠯᠠᠭᠠᠢ ᠫᠠᠢᠰᠠ᠎ᠲᠠᠢ ᠨᠢᠭᠡᠳᠦᠯ᠎ᠦᠨ ᠱᠦᠵᠢ᠂ ᠨᠠᠮᠵᠢᠯ ᠵᠠᠯᠠᠨ᠂ ᠰᠦᠮ᠎ᠡ᠎ᠶᠢᠨ ᠭᠡᠭᠡᠨ᠂ ᠬᠢᠯᠠᠷ ᠳᠠᠮᠪᠢ ᠁ ᠭᠡᠳ ᠪᠥᠭᠡᠮ ᠴᠢᠳᠭᠦᠷ ᠱᠣᠯᠤᠮ᠎ᠢ ᠣᠯᠠᠨ᠎ᠤ ᠡᠰᠡᠷᠭᠦ ᠲᠣᠯᠤᠭᠠᠢ ᠪᠥᠬᠦᠢᠯᠭᠡᠨ ᠵᠣᠭᠰᠤᠭᠠᠵᠠᠢ᠃ ᠨᠠᠮᠵᠢᠯ ᠵᠠᠯᠠᠨ᠎ᠤ ᠠᠳᠤᠭᠤᠴᠢᠨ᠎ᠳᠤ ᠶᠠᠪᠤᠵᠤ ᠪᠠᠢᠭᠰᠠᠨ ᠨᠢᠭᠡᠳᠦᠯ᠎ᠦᠨ ᠳᠠᠷᠤᠭ᠎ᠠ᠂ ᠰᠦᠮ᠎ᠡ᠎ᠶᠢᠨ ᠭᠡᠭᠡᠨ᠎ᠦ ᠬᠥᠯᠦᠰᠦ᠎ᠦᠭᠡᠢ ᠠᠯᠪᠠᠨ᠎ᠳᠤ ᠪᠠᠷᠢᠭᠳᠠᠵᠤ ᠪᠠᠢᠭᠰᠠᠨ ᠬᠢᠯᠠᠷ ᠳᠠᠮᠪᠢ᠎ᠨᠠᠷ ᠥᠪᠡᠷ᠎ᠦᠨ ᠳᠠᠢᠰᠤᠨ ᠡᠲᠡᠭᠡᠳ᠎ᠲᠡᠢ᠎ᠪᠡᠨ ᠵᠡᠷᠭᠡᠴᠡᠨ ᠲᠣᠩᠭᠤᠢᠭᠰᠠᠨ᠎ᠨᠢ ᠳᠡᠩᠴᠢ ᠡᠪ᠎ᠦᠭᠡᠢ᠎ᠶᠦᠮ᠎ᠦᠦ? ᠭᠡᠵᠦ ᠯᠣᠳᠤᠨ ᠪᠣᠳᠤᠪᠠ᠃

ᠪᠢᠴᠢᠬᠠᠨ ᠵᠠᠩᠵᠤᠨ᠎ᠤ ᠬᠢᠭᠰᠡᠨ ᠢᠯᠡᠳᠭᠡᠯ᠎ᠨᠢ ᠬᠠᠮᠠᠷ ᠯᠣᠳᠤᠨ᠎ᠢ ᠨᠢᠭᠡᠮᠦᠰᠦᠨ ᠬᠢᠷᠳ᠋ᠬᠢᠯᠭᠡᠪᠡ᠃ ᠬᠦᠢ ᠳ᠋ᠠ᠂ ᠭᠥᠷᠦᠨ ᠲᠥᠷᠦ᠎ᠴᠢᠨᠢ ᠲᠦᠪᠰᠢᠨ᠎ᠦᠭᠡᠢ ᠪᠣᠯᠤᠭᠰᠠᠨ᠎ᠶᠤᠮ ᠪᠠᠢᠨ᠎ᠠ ᠰᠢᠤ! ᠰᠦᠷᠡᠬᠡᠢ ᠪᠦᠳᠦᠭᠦᠨ ᠬᠡᠷᠡᠭ ᠭᠠᠷᠴᠤ ᠭᠡᠨ᠎ᠡ᠃ ᠨᠢᠭᠡᠳᠦᠯ᠎ᠦᠨ ᠱᠦᠵᠢ ᠪᠠᠰᠠ ᠰᠠᠪᠠᠭ᠎ᠠ᠎ᠦᠭᠡᠢ ᠳᠤᠮᠳᠠ᠎ᠨᠢ ᠳᠡᠯᠳᠡᠭᠡᠨᠡᠵᠦ ᠨᠠᠮᠵᠢᠯ ᠵᠠᠯᠠᠨ᠎ᠢ ᠡᠷᠭᠦᠨ ᠪᠣᠰᠭᠠᠭᠠᠳ᠂ ᠳᠠᠯᠳᠠᠭᠤᠷ ᠨᠢᠭᠡ ᠨᠢᠭᠤᠴᠠ ᠶᠠᠮᠤᠨ ᠪᠠᠢᠭᠤᠯᠬᠤ᠎ᠪᠠᠷ ᠬᠦᠴᠦᠯᠡᠵᠦ ᠭᠡᠨ᠎ᠡ᠂ ᠬᠣᠰᠢᠭᠤ ᠶᠠᠮᠤᠨ ᠭᠠᠷᠬᠤ᠎ᠳᠤ ᠬᠦᠷᠪᠡᠯ ᠪᠦᠬᠦᠯᠢ᠎ᠶᠢᠨ ᠰᠢᠭᠦᠰᠦᠨ᠎ᠦ ᠠᠮᠠᠨ ᠰᠢᠷᠡᠭᠡ ᠬᠢᠬᠦ᠎ᠨᠢ ᠯᠠᠪ! ᠠᠮᠠᠨ ᠰᠢᠷᠡᠭᠡ ᠬᠢᠬᠦ᠎ᠳᠦ ᠬᠦᠷᠪᠡᠯ ᠬᠠᠮᠠᠷ ᠯᠣᠳᠤᠨ᠎ᠢ ᠠᠯᠪᠠ᠎ᠳᠤ ᠪᠠᠷᠢᠵᠤ ᠠᠪᠠᠴᠢᠬᠤ᠎ᠨᠢ ᠭᠠᠷᠴᠠᠭ᠎ᠠ᠎ᠦᠭᠡᠢ᠂ ᠲᠡᠷᠡ᠎ᠨᠢ᠎ᠴᠦ ᠭᠠᠢᠭᠤᠢ᠎ᠯᠠ ᠪᠠᠢᠨ᠎ᠠ᠃ ᠠᠬᠠᠳᠠᠪᠠᠯ ᠬᠡᠳᠦᠨ ᠵᠢᠩ ᠮᠢᠬ᠎ᠠ᠎ᠪᠠᠨ ᠭᠡᠭᠡᠨ᠎ᠡ᠎ᠯᠡ ᠪᠢᠵᠡ᠃ ᠬᠠᠮᠤᠭ᠎ᠤᠨ ᠬᠡᠴᠡᠭᠦᠦ᠎ᠨᠢ ᠬᠠᠷᠢᠨ ᠶᠠᠮᠤᠨ᠎ᠤ ᠠᠭᠠᠷᠤ ᠬᠠᠪᠲᠠᠰᠤ᠎ᠪᠠᠷ ᠠᠪᠳᠠᠷ᠎ᠠ ᠬᠢᠭᠰᠡᠨ ᠤᠴᠢᠷ! ᠵᠦᠰᠦᠵᠦ ᠵᠦᠢᠭᠡᠳ ᠰᠦᠢᠳᠭᠡᠭᠰᠡᠨ ᠮᠥᠷᠲᠡᠭᠡᠨ ᠨᠢᠭᠤᠷ᠎ᠤᠨ ᠬᠠᠪᠲᠠᠰᠤ᠎ᠶᠢ᠎ᠨᠢ ᠬᠢᠮᠤᠰᠤ ᠮᠡᠲᠦ ᠨᠢᠮᠭᠡᠷᠡᠲᠡᠯ᠎ᠡ ᠬᠤᠰᠤᠭᠰᠠᠨ᠎ᠢ᠎ᠮᠢᠨᠢ ᠠᠮᠪᠠᠨ ᠨᠣᠶᠠᠨᠲᠠᠨ ᠠᠵᠢᠭ ᠠᠪᠤᠪᠠᠯ ᠬᠥᠩᠭᠡᠨ᠎ᠳᠡᠭᠡᠨ ᠨᠠᠰᠤᠨ᠎ᠤ ᠪᠣᠭᠤᠯ ᠪᠣᠯᠭᠠᠵᠤ᠂ ᠬᠡᠯᠲᠦᠰᠬᠢᠪᠡᠯ ᠴᠢᠪᠠᠭᠠᠨᠴᠠ᠎ᠶᠢᠨ ᠬᠠᠷ᠎ᠠ ᠬᠥᠮᠦᠨ᠎ᠦ ᠣᠷᠤ᠎ᠶᠢ ᠳᠠᠷᠤᠭᠤᠯᠬᠤ᠎ᠳᠤ ᠣᠢᠷᠠᠬᠠᠨ ᠰᠢᠤ! ᠁ ᠠᠶ᠎ᠠ! ᠡᠨᠡ ᠮᠠᠭᠤ ᠨᠢᠭᠡᠳᠦᠯ᠎ᠦᠨ ᠱᠦᠵᠢ ᠬᠣᠣᠷ᠎ᠠ ᠢᠷᠤ᠎ᠠ᠎ᠲᠠᠢ ᠭᠡᠵᠦ ᠡ! ᠁ ᠴᠢᠮᠠᠢ ᠴᠣᠬᠢᠵᠤ ᠤᠨᠠᠭᠠᠬᠤ᠎ᠨᠢ ᠪᠦᠷ ᠲᠠᠭᠠᠷᠠᠨ᠎ᠠ᠂ ᠴᠣᠬᠢᠭᠠᠳ ᠠᠯᠠᠪᠠᠴᠤ ᠰᠠᠨᠠᠯ᠎ᠦᠭᠡᠢ᠃

ᠬᠠᠮᠠᠷ ᠯᠣᠳᠤᠨ ᠮᠠᠨᠴᠤᠷᠭᠠᠨ ᠬᠠᠮᠠᠷ᠎ᠢᠶᠠᠨ ᠤᠭ᠎ᠲᠤᠨᠢ ᠲᠤᠯᠲᠠᠯ᠎ᠠ ᠤᠯᠠᠢᠯᠭᠠᠵᠤ ᠴᠡᠨᠳᠡᠢᠯᠭᠡᠭᠡᠳ ᠰᠠᠭᠤᠷᠢ᠎ᠦᠭᠡᠢ ᠣᠪᠤᠯᠵᠠᠵᠤ ᠪᠠᠢᠲᠠᠯ᠎ᠠ᠂ ᠮᠡᠩᠭᠡᠲᠦ᠎ᠶᠢᠨ ᠬᠦᠦ:

《ᠣᠳᠣ ᠶᠠᠳᠠᠭᠤ ᠮᠠᠯᠴᠢᠨ᠎ᠤ ᠵᠢᠩᠬᠢᠨᠢ ᠲᠥᠯᠦᠭᠡᠯᠡᠭᠴᠢ ᠨᠥᠬᠦᠷ ᠯᠣᠳᠤᠨ ᠴᠢᠬᠤᠯᠠ ᠶᠠᠷᠢᠶ᠎ᠠ ᠲᠠᠯᠪᠢᠨ᠎ᠠ》 ᠭᠡᠵᠦ ᠵᠠᠷᠯᠠᠭᠠᠳ᠂ ᠤᠷᠭᠠᠨ᠎ᠤ ᠪᠣᠯᠴᠤᠤ ᠭᠡᠮᠡᠷ ᠰᠣᠨᠢᠨ ᠡᠳ᠋ ᠡᠮᠦᠨ᠎ᠡ᠎ᠨᠢ ᠠᠪᠴᠢᠷᠠᠵᠤ ᠲᠠᠯᠪᠢᠪᠠ᠃

ᠢᠷᠠᠢᠲᠠᠯ᠎ᠠ ᠰᠠᠭᠤᠭᠰᠠᠨ ᠮᠢᠩᠭᠠᠨ ᠠᠮᠢᠲᠠᠨ᠎ᠤ ᠠᠶᠤᠩᠭ᠎ᠠ ᠮᠡᠲᠦ ᠨᠢᠵᠢᠭᠢᠨᠡᠭᠰᠡᠨ ᠠᠯᠠᠭ᠎ᠠ ᠲᠠᠰᠢᠯᠲᠠ ᠬᠠᠮᠠᠷ ᠯᠣᠳᠤᠨ᠎ᠤ ᠵᠢᠷᠦᠬᠡ᠎ᠶᠢ ᠫᠣᠯ ᠫᠣᠯ ᠲᠦᠭᠰᠢᠭᠦᠯᠵᠦ᠂ ᠰᠠᠨᠳᠤᠷᠴᠤ ᠲᠡᠪᠡᠳᠡᠬᠦ᠎ᠶᠢᠨ ᠲᠤᠢᠯ᠎ᠳᠤ ᠬᠦᠷᠦᠭᠦᠯᠵᠡᠢ᠃ ᠬᠡᠳᠦᠨ ᠦᠭᠡ ᠶᠠᠷᠢᠬᠤ᠎ᠦᠭᠡᠢ ᠪᠣᠯ ᠮᠡᠩᠭᠡᠲᠦ᠎ᠶᠢᠨ ᠬᠦᠦ᠎ᠳᠦ ᠣᠰᠤᠯᠳᠠᠵᠤ᠂ ᠪᠢᠴᠢᠬᠠᠨ ᠵᠠᠩᠵᠤᠨ᠎ᠳᠤ ᠭᠣᠯᠤᠭᠳᠠᠵᠤ ᠮᠡᠳᠡᠨ᠎ᠡ ᠰᠢᠦ᠃ ᠶᠠᠷᠢᠴᠢᠬᠠᠶ᠎ᠠ ᠭᠡᠬᠦ᠎ᠳᠦ ᠡᠢᠮᠦ ᠣᠯᠠᠨ ᠬᠥᠮᠦᠨ᠎ᠦ ᠡᠮᠦᠨ᠎ᠡ ᠪᠠᠢᠲᠤᠭᠠᠢ᠂ ᠡᠭᠦᠷ ᠠᠷᠪᠠᠨ᠎ᠤ ᠴᠤᠭᠯᠠᠭ᠎ᠠ ᠳᠡᠭᠡᠷ᠎ᠡ ᠬᠡᠳᠦᠬᠡᠨ ᠦᠭᠡᠨ᠎ᠳᠦ ᠬᠡᠯᠡ᠎ᠪᠡᠨ ᠪᠣᠯᠵᠠᠭᠠᠵᠤ ᠬᠠᠮᠤᠭ ᠠᠮᠢᠲᠠᠨ᠎ᠤ ᠬᠠᠷ᠎ᠠ ᠢᠨᠢᠶᠡᠳᠦ ᠪᠣᠯᠵᠤ ᠶᠠᠪᠤᠭᠰᠠᠨ ᠳ᠋ᠠᠭ᠃ ᠠᠢ! ᠬᠥᠭᠰᠢᠨ ᠪᠤᠬ᠎ᠠ ᠵᠢᠷᠤᠭ᠎ᠠ ᠰᠤᠷᠬᠤ᠎ᠯᠠ ᠬᠡᠷᠡᠭᠲᠡᠢ ᠪᠣᠯᠵᠠᠢ ᠳ᠋ᠠ ! ᠶᠠᠭᠤ᠎ᠴᠤ ᠭᠡᠰᠡᠨ 《ᠬᠠᠮᠤᠭ᠎ᠤᠨ ᠳᠡᠭᠡᠳᠦ ᠵᠢᠭᠠᠪᠤᠷᠢ》᠎ᠪᠠᠨ ᠤᠩᠰᠢᠵᠤ ᠪᠠᠢᠭᠠᠳ ᠪᠣᠯᠤᠶ᠎ᠠ ᠭᠡᠵᠦ ᠪᠣᠳᠤᠭᠠᠳ ᠬᠠᠮᠠᠷ ᠯᠣᠳᠤᠨ ᠳᠠᠷᠤᠭᠳᠠᠭᠰᠠᠨ ᠢᠰᠢᠭᠡ᠎ᠶᠢᠨ ᠮᠠᠭᠤᠬᠠᠢ ᠬᠣᠭᠤᠯᠠᠢ᠎ᠪᠠᠷ:

《ᠬᠠᠮᠤᠭ᠎ᠤᠨ ᠁ ᠳᠡᠭᠡᠳᠦ ᠵᠢᠭᠠᠪᠤᠷᠢ:

ᠬᠡᠨ ᠴᠢᠨᠦ ᠳᠠᠢᠰᠤᠨ ᠪᠤᠢ ᠁ ᠬᠡᠨ ᠮᠢᠨᠦ ᠬᠠᠨᠢ ᠪᠤᠢ? ᠁ ᠡᠨᠡ ᠪᠣᠯ ᠬᠤᠪᠢᠰᠭᠠᠯ᠎ᠤᠨ ᠁ ᠲᠦᠷᠦᠭᠦᠦ ᠬᠤᠳᠠ ᠮᠥᠨ》 ᠭᠡᠪᠡ᠃ ᠴᠠᠰᠢ ᠲᠡᠭᠡᠭᠯᠡᠴᠢᠬᠡᠭᠡᠳ ᠬᠣᠭᠤᠯᠠᠢ᠎ᠪᠠᠨ ᠵᠠᠰᠠᠵᠤ ᠪᠠᠢᠲᠠᠯ᠎ᠠ᠂ ᠮᠡᠩᠭᠡᠲᠦ᠎ᠶᠢᠨ ᠬᠦᠦ᠎ᠶᠢᠨ ᠴᠢᠷᠠᠢ ᠨᠢᠭᠡ᠎ᠯᠡ ᠬᠠᠴᠢᠨ ᠪᠣᠯᠵᠤ ᠠᠪᠤᠭᠠᠳ᠂ ᠲᠡᠮᠦᠷ ᠪᠣᠯᠴᠤᠤ᠎ᠪᠠᠨ ᠰᠤᠭᠤ ᠲᠡᠳᠡᠨ ᠠᠪᠴᠢᠬᠠᠪᠠ᠃ ᠵᠠ ᠪᠣᠯᠵᠠᠢ᠂ ᠲᠡᠷᠡ᠎ᠲᠡᠢ ᠲᠡᠷᠡ᠎ᠦᠭᠡᠢ ᠬᠡᠳᠦᠨ ᠦᠭᠡ ᠡᠪᠯᠡᠭᠦᠯᠵᠦ ᠬᠡᠯᠡᠭᠡᠳ ᠲᠠᠮᠤ᠎ᠠᠴᠠ ᠬᠤᠷᠳᠤᠬᠠᠨ ᠮᠤᠯᠲᠤᠷᠠᠶ᠎ᠠ᠃

ᠪᠢᠴᠢᠬᠠᠨ ᠵᠠᠩᠵᠤᠳ ᠨᠢᠭᠡᠨ ᠵᠡᠷᠭᠡ ᠬᠥᠯ ᠪᠣᠯᠵᠤ᠂ ᠴᠢᠬᠢ ᠴᠢᠬᠢ᠎ᠪᠡᠨ ᠵᠠᠭᠤᠯᠴᠠᠭᠰᠠᠨ᠎ᠢᠶᠠᠨ ᠮᠡᠩᠭᠡᠲᠦ᠎ᠶᠢᠨ ᠬᠦᠦ ᠭᠡᠨᠡᠳᠲᠡ:

《ᠬᠠᠮᠠᠷ ᠯᠣᠳᠤᠨ ᠲᠠᠢᠰᠠᠨ᠎ᠠᠴᠠ ᠪᠠᠭᠤ!》 ᠭᠡᠵᠦ ᠬᠠᠰᠭᠢᠷᠪᠠ᠃ 《ᠥ᠂ ᠳᠣᠣᠷ᠎ᠠ ᠪᠠᠭᠤᠭᠠᠳ ᠶᠠᠷᠢᠪᠠᠯ ᠣᠯᠠᠨ ᠬᠥᠮᠦᠨ ᠲᠣᠳᠤ ᠰᠣᠨᠤᠰᠬᠤ᠎ᠳᠤ ᠠᠮᠠᠷ ᠭᠡᠵᠦ ᠪᠠᠢᠨ᠎ᠠ᠎ᠤᠤ? ᠵᠠ᠂ ᠵᠠ! ᠁》 ᠭᠡᠵᠦ ᠬᠠᠮᠠᠷ ᠯᠣᠳᠤᠨ ᠲᠠᠪᠴᠠᠩ᠎ᠠᠴᠠ ᠪᠠᠭᠤᠬᠤ᠎ᠶᠢᠨ ᠳᠠᠭᠠᠤ: 《ᠨᠢᠭᠡᠳᠦᠯ᠎ᠦᠨ ᠱᠦᠵᠢ ᠦᠨᠡᠬᠡᠷ ᠣᠯᠢᠭ᠎ᠦᠭᠡᠢ ᠁》 ᠭᠡᠵᠦ ᠠᠮᠠᠨ ᠳᠣᠲᠤᠷ᠎ᠠ᠎ᠪᠠᠨ ᠳᠦᠳᠦᠨᠡᠵᠦ ᠶᠠᠪᠤᠨ᠎ᠠ᠃

《ᠲᠡᠨᠳᠡ ᠵᠣᠭᠰᠤ!》 ᠭᠡᠵᠦ ᠮᠡᠩᠭᠡᠲᠦ᠎ᠶᠢᠨ ᠬᠦᠦ ᠴᠢᠳᠭᠦᠷ ᠱᠣᠯᠤᠮ᠎ᠤᠨ ᠵᠦᠭ ᠵᠢᠭᠠᠭᠰᠠᠨ᠎ᠳᠤ᠂ ᠶᠠᠭᠤ ᠪᠢᠯᠡ ? ᠭᠡᠵᠦ ᠬᠠᠮᠠᠷ ᠯᠣᠳᠤᠨ ᠵᠣᠭ ᠲᠣᠰᠤᠭᠰᠠᠨ᠎ᠢᠶᠠᠨ ᠬᠠᠭᠵᠠᠷᠬᠠᠢ ᠭᠤᠲᠤᠯ᠎ᠤᠨ ᠬᠣᠩᠰᠢᠶᠠᠷ᠎ᠢᠶᠠᠨ ᠬᠠᠷᠠᠵᠤ᠂ ᠣᠷᠤᠨ᠎ᠳᠠᠭᠠᠨ ᠪᠠᠷᠪᠠᠢᠨ ᠵᠣᠭᠰᠤᠪᠠ᠃

ᠲᠠᠢᠰᠠᠨ ᠳᠡᠭᠡᠷ᠎ᠡ᠎ᠡᠴᠡ ᠭᠡᠨᠡᠳᠲᠡ:

《ᠣᠳᠣ᠎ᠪᠠᠷ᠎ᠢᠶᠠᠨ ᠠᠵᠢᠯᠯᠠᠭ᠎ᠠ᠎ᠲᠠᠢ ᠬᠤᠪᠢᠰᠭᠠᠯ᠎ᠢ ᠡᠰᠡᠷᠭᠦᠴᠡᠭᠴᠢ ᠬᠠᠮᠠᠷ ᠯᠣᠳᠤᠨ᠎ᠢ ᠴᠣᠬᠢᠨ ᠤᠨᠠᠭᠠᠶ᠎ᠠ!》 ᠭᠡᠵᠦ ᠴᠢᠬᠢ ᠳᠦᠯᠡᠢᠷᠡᠲᠡᠯ᠎ᠡ ᠬᠠᠰᠭᠢᠷᠤᠭᠰᠠᠨ᠎ᠳᠤ ᠬᠠᠮᠠᠷ ᠯᠣᠳᠤᠨ ᠰᠣᠴᠢᠭᠠᠨ ᠳᠡᠭᠡᠷ᠎ᠡ᠎ᠪᠡᠨ ᠨᠢᠳᠦ᠎ᠨᠢ ᠣᠷᠤᠢ ᠳᠡᠭᠡᠷ᠎ᠡ᠎ᠪᠡᠨ ᠭᠠᠷᠪᠠ᠃ ᠯᠠᠮᠠ ᠭᠣᠨᠴᠤᠭ ᠰᠦᠮ᠎ᠡ! ᠬᠣᠷᠤᠮ᠎ᠤᠨ ᠵᠠᠭᠤᠷ᠎ᠠ ᠢᠵᠢᠯᠢ ᠳᠠᠰᠤᠯ ᠬᠠᠷᠠᠴᠠ᠎ᠨᠤᠭᠤᠳ᠎ᠨᠢ ᠡᠷᠡᠢᠵᠦ ᠦᠵᠦᠭᠦᠷᠯᠡᠭᠰᠡᠨ ᠬᠢᠯᠢᠩᠲᠦ ᠬᠠᠷᠠᠴᠠ ᠪᠣᠯᠤᠨ ᠬᠤᠪᠢᠷᠠᠵᠤ ᠬᠡᠳᠦᠨ ᠮᠢᠩᠭᠠᠨ ᠵᠠᠩᠭᠢᠳᠤᠭᠰᠠᠨ ᠨᠢᠳᠤᠷᠭ᠎ᠠ ᠪᠦᠷ᠎ᠯᠡ ᠲᠡᠭᠦᠨ᠎ᠦ ᠥᠭᠡᠳᠡ ᠵᠠᠩᠭᠠᠯᠴᠠᠨ᠎ᠠ᠃ ᠬᠠᠮᠠᠷ ᠯᠣᠳᠤᠨ ᠴᠡᠴᠡᠷᠡᠵᠦ ᠳᠠᠭᠵᠢᠭᠰᠠᠭᠠᠷ᠂ ᠴᠢᠪᠠᠭᠠᠨᠴᠠ᠎ᠶᠢᠨ᠎ᠢᠶᠠᠨ ᠠᠷᠤ᠎ᠳᠤ ᠣᠴᠢᠵᠤ ᠲᠣᠩᠭᠤᠢᠪᠠ᠃

ᠲᠦᠮᠡᠨ ᠨᠢᠳᠦᠲᠡᠢ ᠲᠡᠭᠷᠢ᠂ ᠲᠥᠷᠦᠯᠬᠢ ᠮᠡᠷᠭᠡᠨ ᠵᠠᠩᠵᠤᠨ ᠡ! ᠬᠠᠮᠠᠷ ᠯᠣᠳᠤᠨ᠎ᠴᠢᠨᠢ ᠬᠠᠮᠢᠭ᠎ᠠ᠎ᠨᠢ ᠲᠠ᠎ᠨᠠᠷ᠎ᠤᠨ ᠦᠭᠡ᠎ᠪᠡᠷ ᠶᠠᠪᠤᠭᠰᠠᠨ᠎ᠦᠭᠡᠢ ᠪᠤᠢ? ᠬᠤᠪᠢᠰᠭᠠᠯ᠎ᠢ ᠢᠩᠭᠢᠵᠦ ᠬᠢᠳᠡᠭ ᠭᠡᠵᠦ ᠪᠢ ᠲᠠ᠎ᠨᠠᠷ᠎ᠠᠴᠠ ᠰᠤᠷᠴᠤ ᠮᠡᠳᠡᠭᠡᠳ᠂ ᠭᠠᠭᠴᠠ ᠰᠡᠳᠭᠢᠯ ᠪᠠᠷᠢᠵᠤ᠂ ᠲᠥᠭᠡ ᠰᠠᠯᠤᠯ᠎ᠦᠭᠡᠢ ᠮᠥᠷᠳᠡᠭᠰᠡᠭᠡᠷ ᠢᠷᠡᠭᠰᠡᠨ᠃ ᠁ ᠠᠯᠲᠠᠨ ᠯᠤᠤ᠎ᠪᠠᠨ ᠬᠤᠰᠤᠵᠤ ᠬᠠᠶᠠᠯ᠎ᠠ᠂ ᠠᠮᠠᠷᠠᠭ ᠴᠢᠪᠠᠭᠠᠨᠴᠠ᠎ᠪᠠᠨ ᠭᠣᠯᠤᠭᠠᠳ ᠬᠠᠶᠠᠯ᠎ᠠ᠃ ᠳᠥᠷᠪᠡᠨ ᠬᠠᠭᠤᠴᠢᠨ ᠰᠤᠷᠲᠠᠯ᠎ᠢᠶᠠᠨ ᠪᠤᠯᠠᠵᠤ ᠲᠠᠯᠪᠢᠯ᠎ᠠ᠂ ᠲᠠᠪᠤᠨ ᠤᠯᠠᠭᠠᠨ᠎ᠢ ᠪᠦᠷᠢᠳᠦᠯᠭᠦᠵᠦ ᠳᠠᠭᠠᠭᠠᠳ ᠪᠠᠰᠠ ᠵᠠᠪᠳᠤᠬᠤ᠎ᠦᠭᠡᠢ ᠪᠠᠢᠨ᠎ᠠ ᠰᠢᠤ! ᠁ ᠬᠠᠮᠲᠤ ᠪᠠᠢᠯᠳᠤᠵᠤ ᠬᠠᠮᠲᠤ᠎ᠶᠢᠨ ᠢᠯᠠᠯᠲᠠ᠎ᠪᠠᠨ ᠣᠯᠬᠤ᠎ᠠᠴᠠ ᠡᠮᠦᠨ᠎ᠡ ᠬᠠᠮᠠᠷ ᠯᠣᠳᠤᠨ᠎ᠳᠠᠭᠠᠨ ᠪᠠᠭᠤᠴᠢᠬᠠᠬᠤ᠎ᠨᠢ ᠡᠨᠡ᠎ᠦᠦ? ᠪᠠᠭᠤᠬᠤ ᠮᠥᠷᠲᠡᠭᠡᠨ ᠳᠠᠢᠰᠤᠨ᠎ᠲᠠᠢ ᠴᠤᠭ ᠬᠠᠷᠠᠯᠠᠭᠤᠯᠴᠢᠬᠠᠨ᠎ᠠ ᠭᠡᠵᠦ᠎ᠦᠦ! ᠁ ᠬᠠᠮᠠᠷ ᠯᠣᠳᠤᠨ᠎ᠤ ᠭᠣᠮᠤᠳᠠᠯ᠎ᠤᠨ ᠨᠢᠯᠪᠤᠰᠤ᠎ᠨᠢ ᠬᠣᠷᠢᠭᠠᠵᠤ ᠵᠠᠪᠳᠤᠯ᠎ᠦᠭᠡᠢ ᠡᠩᠭᠡᠷ᠎ᠢ᠎ᠨᠢ ᠳᠡᠪᠲᠦᠭᠡᠨ᠎ᠡ᠃

ᠬᠠᠮᠠᠷ ᠯᠣᠳᠤᠨ ᠢᠩᠭᠢᠵᠦ ᠭᠣᠮᠤᠳᠠᠯᠲᠠᠢᠬᠠᠨ ᠲᠣᠩᠭᠤᠢᠭᠠᠳ᠂ ᠨᠢᠭᠡ ᠮᠡᠳᠡᠭᠰᠡᠨ᠎ᠴᠢᠨᠢ ᠠᠷᠪᠠᠨ ᠵᠢᠯ ᠪᠣᠯᠵᠠᠢ᠃ ᠡᠨᠡ ᠳᠤᠮᠳᠠ ᠶᠠᠭᠤ ᠪᠣᠯᠵᠤ ᠶᠠᠭᠠᠬᠢᠵᠤ ᠶᠠᠪᠤᠭᠰᠠᠨ᠎ᠢᠶᠠᠨ ᠲᠡᠷᠡ ᠥᠪᠡᠷ᠎ᠢᠶᠡᠨ᠎ᠴᠦ ᠬᠡᠯᠡᠵᠦ ᠮᠡᠳᠡᠬᠦ᠎ᠦᠭᠡᠢ᠃ ᠰᠦᠭ ᠰᠦᠨᠡᠰᠦ᠎ᠨᠢ ᠲᠠᠮᠤ᠎ᠶᠢᠨ ᠢᠷᠤᠭᠠᠷ᠎ᠲᠤ ᠬᠡᠪᠲᠡᠭᠡᠳ᠂ ᠬᠣᠭᠤᠰᠤᠨ ᠮᠠᠬᠠᠪᠤᠳ ᠲᠡᠳᠦᠢ ᠣᠪᠤᠢᠵᠤ ᠪᠠᠢᠭᠰᠠᠨ ᠲᠤᠯᠠ ᠠᠮᠢ ᠭᠣᠣᠯ ᠪᠠᠢᠭᠠᠳ ᠳᠤᠤᠭᠠᠷᠴᠤ ᠪᠣᠯᠬᠤ᠎ᠦᠭᠡᠢ᠂ ᠬᠠᠲᠠᠭᠤ ᠬᠦᠨᠳᠦ ᠬᠥᠳᠡᠯᠮᠦᠷᠢ᠎ᠶᠢ ᠪᠡᠶᠡᠯᠡᠭᠦᠯᠦᠭᠡᠳ ᠠᠰᠢᠭ ᠰᠢᠮ᠎ᠡ ᠬᠦᠷᠲᠡᠵᠦ ᠪᠣᠯᠬᠤ᠎ᠦᠭᠡᠢ ᠭᠡᠳᠡᠭ᠎ᠢ᠎ᠯᠡ ᠴᠡᠭᠡᠵᠢᠯᠡᠵᠦ ᠶᠠᠪᠤᠭᠰᠠᠨ᠃ ᠠᠮᠢᠳᠤᠷᠠᠯ᠎ᠤᠨ ᠵᠠᠮ᠎ᠳᠤ ᠲᠡᠭᠦᠨ᠎ᠳᠦ ᠬᠤᠮᠠᠬᠢ᠎ᠶᠢᠨ ᠲᠡᠳᠦᠢᠯᠡ ᠭᠡᠭᠡ ᠣᠯᠭᠤᠭᠰᠠᠨ ᠬᠥᠮᠦᠨ᠎ᠨᠢ ᠭᠡᠪᠡᠯ ᠵᠠᠯᠠᠭᠤ᠎ᠪᠠᠨ ᠥᠩᠭᠡᠷᠡᠵᠦ ᠵᠠᠵᠢ᠎ᠨᠢ ᠴᠠᠢᠵᠤ ᠡᠬᠢᠯᠡᠭᠰᠡᠨ ᠴᠢᠪᠠᠭᠠᠨᠴᠠ ᠵᠠᠭᠷᠠᠢᠮ᠎ᠠ᠎ᠨᠢ᠎ᠯᠠ ᠠᠵᠢ᠃

《ᠬᠡᠨ ᠬᠡᠨ᠎ᠢᠶᠡᠨ ᠬᠡᠯᠡᠯᠭᠡ᠎ᠦᠭᠡᠢ᠂ ᠬᠡᠭᠡᠷ ᠮᠣᠷᠢ᠎ᠪᠠᠨ ᠭᠤᠶᠠᠳᠠᠯᠭ᠎ᠠ᠎ᠦᠭᠡᠢ᠃ ᠴᠢᠨᠦ ᠮᠢᠨᠦ ᠵᠠᠶᠠᠭ᠎ᠠ ᠨᠢᠭᠡ᠎ᠯᠡ! ᠭᠣᠮᠤᠳᠠᠭᠠᠳ᠎ᠴᠤ ᠶᠠᠭᠠᠬᠢᠨ᠎ᠠ ᠪᠤᠢ? ᠬᠣᠷᠤᠰᠤᠭᠠᠳ᠎ᠴᠤ ᠶᠠᠭᠠᠬᠢᠨ᠎ᠠ ᠪᠤᠢ?》 ᠭᠡᠳ ᠬᠥᠭᠰᠢᠨ ᠴᠢᠪᠠᠭᠠᠨᠴᠠ ᠲᠡᠭᠦᠨ᠎ᠲᠡᠢ ᠪᠡᠷᠬᠡ ᠣᠢᠷᠠᠳᠴᠤ᠂ ᠣᠭᠤᠴᠢ ᠤᠰᠤ ᠣᠯᠪᠠᠴᠤ ᠬᠤᠪᠢᠶᠠᠵᠤ ᠤᠤᠭᠤᠨ᠂ ᠵᠦᠰᠦᠮ ᠪᠢᠰᠢᠯᠠᠭ ᠣᠯᠪᠠᠴᠤ ᠲᠠᠯᠠᠯᠠᠵᠤ ᠢᠳᠡᠭᠰᠡᠭᠡᠷ ᠡᠳᠦᠢ ᠪᠣᠯᠵᠠᠢ᠃

ᠡᠨᠡ᠎ᠬᠦ ᠶᠢᠷᠲᠢᠨᠴᠦ᠎ᠶᠢᠨ ᠬᠠᠷ᠎ᠠ ᠰᠢᠭᠤᠷᠭᠠᠨ᠎ᠳᠤ᠂ ᠨᠢᠭᠡᠳᠦᠯ᠎ᠦᠨ ᠱᠦᠵᠢ᠂ ᠬᠢᠯᠠᠷ ᠳᠠᠮᠪᠢ ᠁ ᠠᠷᠤ ᠠᠷᠤ᠎ᠠᠴᠠ᠎ᠪᠠᠨ ᠡᠷᠯᠢᠭ᠎ᠲᠦ ᠣᠴᠢᠬᠤ᠎ᠳᠤ᠂ ᠬᠠᠮᠠᠷ ᠯᠣᠳᠤᠨ ᠬᠠᠷᠢᠨ ᠵᠡᠷᠯᠢᠭ ᠡᠪᠡᠰᠦ᠎ᠰᠢᠭ ᠠᠮᠢ ᠪᠥᠬᠡ᠎ᠲᠡᠢ᠎ᠳᠡᠭᠡᠨ ᠵᠣᠯ᠎ᠢᠶᠠᠷ ᠦᠯᠡᠳᠡᠵᠡᠢ᠃ ᠬᠥᠷᠦᠬᠦ ᠰᠢᠬᠠᠭᠰᠠᠨ ᠵᠢᠷᠦᠬᠡᠨ᠎ᠳᠦᠨᠢ ᠪᠦᠯᠢᠶᠡᠨ ᠴᠢᠰᠤ ᠣᠯᠭᠤᠯ᠎ᠠ ᠭᠡᠪᠡᠯ ᠲᠡᠷᠡ᠎ᠨᠢ ᠴᠢᠪᠠᠭᠠᠨᠴᠠ ᠵᠠᠭᠷᠠᠢᠮ᠎ᠠ᠎ᠶᠢᠨ ᠰᠤᠯᠠᠬᠠᠨ ᠰᠢᠪᠡᠨᠡᠭᠡ ᠪᠠ ᠥᠷᠦᠪᠳᠦᠯ᠎ᠦᠨ ᠬᠠᠷᠠᠴᠠ᠎ᠯᠠ! ᠁

ᠪᠤᠴᠠᠬᠤ