Та "Internet explorer"-ийн сүүлийн хувилбар болох "Microsoft edge"-г ашиглана уу

Хэрэв "Microsoft edge"-г татах бол энд дарж татаж авна уу

MN EN

ᠬᠠᠪᠳᠠᠭᠠᠢ ᠢᠢᠨ ᠸᠧᠻᠲ᠋ᠣᠷ ᠤᠳ᠂ ᠰᠢᠨᠵᠢᠯᠡᢉᠦ ᠤᠬᠠᠭᠠᠨ ᠤ ᠪᠢᠴᠢᢉᠯᠡᠯ᠂ ᠪᠠ ᠨᠢᢉᠡᠴᠡ

ᠪᠠᠭᠰᠢ ᠢᠢᠨ ᢉᠦᢉᠵᠢᠯ ᠪᠠᠭᠰᠢ ᠳ᠋ᠤ ᠳᠡᠮᠵᠢᠯᠭᠡ

ᠨᠡᠢᠢᠲᠡᠯᠡᠯᠴᠢ ᠨᠢ᠄ admin | ᠨᠡᠢᠢᠲᠡᠯᠡᠭᠰᠡᠨ ᠣᠭᠨᠣ᠄ 2024-01-09 01:24:31 |

ᠦᠵᠡᠭᠰᠡᠨ ᢉᠡᠷᠡᠭᠯᠡᠭᠴᠢ: 212


ᠬᠠᠪᠳᠠᠭᠠᠢ ᠢᠢᠨ ᠸᠧᠻᠲ᠋ᠣᠷ ᠤᠳ᠂ ᠰᠢᠨᠵᠢᠯᠡᢉᠦ ᠤᠬᠠᠭᠠᠨ ᠤ ᠪᠢᠴᠢᢉᠯᠡᠯ᠂ ᠪᠠ ᠨᠢᢉᠡᠴᠡ

1.1. ᠬᠠᠪᠳᠠᠭᠠᠢ ᠢᠢᠨ ᠸᠧᠻᠲ᠋ᠣᠷ ᠤᠳ᠂ ᠰᠢᠨᠵᠢᠯᠡᢉᠦ ᠤᠬᠠᠭᠠᠨ ᠤ ᠲᠡᠮᠳᠡᢉᠯᠡᢉᠡ᠂ ᠨᠢᢉᠡᠵᠡ

1.1. ᠰᠻᠠᠯᠶᠠᠷ ᠤᠳᠬ᠎ᠠ ᢉᠡᠵᠦ ᠶᠠᠭᠤ ᠪᠤᠢ?

ᠰᠻᠠᠯᠶᠠᠷ ᠤᠳᠬ᠎ᠠ ᠨᠢ ᠵᠥᠪᢉᠡᠨ ᠲᠣᠭ᠎ᠠ ᠪᠠᠷ ᠢᠯᠡᠷᢉᠡᠶᠢᠯᠡᢉᠳᠡᠨ᠎ᠡ᠃ ᠡᠨᠡ ᠨᠢ ᠡᠶᠡᠷᢉᠦ ᠡᠰᠡᠪᠡᠯ ᠰᠥᠷᢉᠦ ᠲᠣᠭ᠎ᠠ ᠪᠠᠢᠢᠳᠠᠭ᠃ ᠰᠻᠠᠯᠶᠠᠷ ᠨᠢ ᠪᠣᠳᠠᠲᠤ ᠡᠰᠡᠪᠡᠯ ᠨᠠᠲ᠋ᠦ᠋ᠷᠠᠯ ᠵᠡᠷᢉᠡ ᠲᠣᠭ᠎ᠠ ᠪᠠᠶᠢᠬᠤ ᠲᠤᠯᠠ ᠨᠡᠮᠡᢉᠦ᠂ ᠬᠠᠰᠤᠬᠤ ᢉᠡᢉᠦ ᠮᠡᠲᠦ ᠲᠣᠭ᠎ᠠ ᠶᠢᠨ ᠶᠡᠷᠦᠳᠡ ᠶᠢᠨ ᠦᠢᠯᠡᠳᠦᠯ ᢉᠢᠳᠡᢉ᠃ ᠲᠡᢉᠦᠨ ᠦ ᠠᠷᠤ ᠠᠴᠠ ᠨᠢᢉᠡᠴᠡ ᠶᠢ ᠪᠢᠴᠢᠵᠦ ᠪᠣᠯᠣᠨ᠎ᠠ᠂ ᠵᠢᠱᠢᠢ᠎ᠡ ᠨᠢ mass = 3 kg ᠃

1.2. ᠸᠧᠻᠲ᠋ᠣᠷ ᠤᠳᠬ᠎ᠠ ᢉᠡᠵᠦ ᠶᠠᠭᠤ ᠪᠤᠶ?

ᠸᠧᠻᠲ᠋ᠣᠷ ᠤᠳᠬ᠎ᠠ ᠨᠢ ᠲᠣᠭ᠎ᠠ ᠪᠠ ᠴᠢᢉᠯᠡᠯ ᠬᠣᠶᠠᠭᠤᠯᠠ ᠶᠢ ᠵᠢᠭᠠᠨ᠎ᠠ᠃ ᠵᠢᠱᠢᠶ᠎ᠡ ᠨᠢ᠂ ᠰᠠᠭᠤᠳᠠᠯ ᠤᠨ ᠲᠡᠷᢉᠡ ᠡᠮᠦᠨ᠎ᠡ ᠵᠦᢉ ᠢ ᠴᠢᢉᠯᠡᠨ ᠴᠠᠭ ᠲᠤ 40 km ᠬᠤᠷᠳᠤ ᠲᠠᠢ ᠶᠠᠪᠤᠵᠤ ᠪᠤᠶ ᠪᠣᠯ ᠲᠡᢉᠦᠨ ᠢ 40 km/h ᠤᠳᠬ᠎ᠠ ᠲᠠᠢ ᠡᠮᠦᠨ᠎ᠡ ᠵᠦᢉ ᠴᠢᢉᠯᠡᢉᠦᠯᠦᢉᠰᠡᠨ ᠰᠤᠮᠤ ᠪᠠᠷ ᠳᠦᠷᠰᠦᠯᠡᢉᠰᠡᠨ ᠬᠤᠷᠳᠤ ᠶᠢᠨ ᠸᠧᠻᠲ᠋ᠣᠷ ᠶᠢᠠᠷ ᠢᠯᠡᠷᢉᠡᠶᠢᠯᠡᠨ᠎ᠡ᠃ ᠰᠤᠮᠤ ᠶᠢᠨ ᠤᠷᠲᠤ ᠨᠢ ᠸᠧᠻᠲ᠋ᠣᠷ ᢉᠡᠮᠵᠢᢉᠳᠡᢉᠦᠨ ᠦ ᠲᠣᠭ᠎ᠠ ᠶᠢᠨ ᠤᠳᠬ᠎ᠠ ᠶᠢᠨ ᢉᠡᠮᠵᠢᠶ᠎ᠠ ᠲᠡᠢ ᠫᠷᠣᠫᠣᠷᠼᠢᠣᠨᠠᠯᠢ ᠪᠠᠶᠢᠳᠠᠭ᠃

1.3. 〔ᠦᠷ᠎ᠡ ᠳ᠋ᠦᠩ〕 ᠸᠧᠻᠲ᠋ᠣᠷ ᢉᠡᠴᠦ ᠶᠠᠭᠤ ᠪᠤᠢ?

ᢉᠡᠳᠦ ᢉᠡᠳᠦᠨ ᠸᠧᠻᠲ᠋ᠣᠷ ᠤᠳ ᠤᠨ ᠦᠢᠯᠡᠴᠢᠯᠡᠯ ᠲᠡᠢ ᠢᠵᠢᠯ ᠪᠠᠶᠢᠬᠤ ᠨᠢᢉᠡ ᠸᠧᠻᠲ᠋ᠣᠷ ᠢ ᠦᠷ᠎ᠡ ᠳ᠋ᠦᠩ ᠸᠧᠻᠲ᠋ᠣᠷ ᢉᠡᠨ᠎ᠡ᠃ ᠵᠢᠱᠢᠶ᠎ᠡ ᠨᠢ᠂ ᢉᠦᠴᠦ ᠶᠢᠨ ᠸᠧᠻᠲ᠋ᠣᠲ ᠤᠳ ᠤᠨ ᠬᠣᠪᠢ ᠳᠤ ᠲᠡᠳᠡᢉᠡᠷ ᠦᠨ ᠦᠢᠯᠡᠴᠢᠯᠡᠯ ᠨᠢ ᠨᠢᢉᠡ ᠸᠧᠻᠲ᠋ᠣᠷ ᠮᠡᠳᠦ ᠦᠢᠯᠡᠴᠢᠯᠡᠯ ᠲᠡᠢ ᠪᠣᠯ ᠲᠡᢉᠦᠨ ᠢ ᠨᠢ ᠦᠷ᠎ᠡ ᠳ᠋ᠦᠩ ᠸᠧᠻᠲ᠋ᠣᠷ ᢉᠡᠴᠦ ᠦᠵᠡᠨ᠎ᠡ᠃

1.4.  ᠸᠧᠻᠲ᠋ᠣᠷ ᠤᠳ ᠤᠨ ᠨᠡᠢᠢᠯᠪᠦᠷᠢ ᠶᠢ ᠲᠣᠳᠣᠷᠬᠠᠢᠢᠯᠠᠨ᠎ᠠ ᠤᠤ᠃

ᢉᠡᠳᠦ ᢉᠡᠳᠦᠨ ᠸᠧᠻᠲ᠋ᠣᠷ ᠤᠨ ᠨᠡᠢᠢᠯᠪᠦᠷᠢ ᠦᠷ᠎ᠡ ᠳ᠋ᠦᠩ ᠢ ᠣᠯᠬᠤ ᠠᠷᠭ᠎ᠠ ᠨᠢ᠂ ᠠᠯᠢ ᠨᠢᢉᠡ ᠡᢉᠢᠯᠡᠯ ᠪᠠᠢᠢᠵᠤ ᠪᠣᠯᠬᠤ ᠸᠧᠻᠲ᠋ᠣᠷ ᠢ ᠰᠣᠩᠭᠣᠨ ᠠᠪᠴᠤ᠂ ᠲᠡᢉᠦᠨ ᠤ ᠰᠤᠮᠤ ᠢᠢᠨ ᠳᠡᢉᠦᠰᢉᠡᠯ ᠳᠡᢉᠡᠷ᠎ᠡ ᠳᠠᠷᠠᠭ᠎ᠠ ᠢᠢᠨ ᠸᠧᠻᠲ᠋ᠣᠷ ᠤᠨ ᠡᢉᠢᠯᠡᠯ ᠢ ᠳᠠᠪᠬᠤᠴᠠᠭᠤᠯᠬᠤ ᠪᠠᠷ ᠤᠷᠲᠤ ᠪᠠ ᠴᠢᢉᠯᠡᠯ ᠢ ᠠᠯᠳᠠᠭᠤᠯᠤᠯ ᠦᢉᠡᠢ ᠫᠠᠷᠠᠯᠯᠧᠯᠢ ᠪᠠᠷ ᠵᠦᢉᠡᢉᠡᠵᠦ ᠪᠠᠢᠢᠷᠢᠯᠠᠭᠤᠯᠬᠤ᠂ ᠪᠦᢉᠡᠳ ᠡᠨᠡ ᢉᠦ ᠸᠧᠻᠲᠣᠷ ᠤᠨ ᠲᠡᢉᠦᠰᢉᠡᠯ ᠳᠡᢉᠡᠷ᠎ᠡ ᠳᠠᠷᠠᠭ᠎ᠠ ᠢᠢᠨ ᠸᠧᠻᠲ᠋ᠣᠷ ᠤᠨ ᠡᢉᠢᠯᠡᠯ ᠢ ᠳᠠᠪᠬᠤᠴᠠᠭᠤᠯᠬᠤ ᠪᠠᠷ ᠪᠠᠢᠢᠳᠠᠯ ᠶᠢᠠᠷ᠂ ᠶᠠᠪᠤᠭᠰᠠᠭᠠᠷ ᠪᠦᢉᠦ ᠨᠡᠮᠡᢉᠳᠡᢉᠦ ᠸᠧᠻᠲ᠋ᠣᠷ ᠤᠳ ᠢ ᠪᠠᠢᠢᠷᠢᠯᠠᠭᠤᠯᠵᠤ ᠳᠠᠭᠤᠰᠤᠭᠰᠠᠨ ᠤ ᠳᠠᠷᠠᠭ᠎ᠠ ᠡᢉᠢᠯᠡᠯ ᠸᠧᠻᠲ᠋ᠣᠷ ᠤᠨ ᠡᢉᠢᠯᠡᠯ ᠦᠨ ᠴᠡᢉ ᠡᠴᠡ ᠰᠡᢉᠦᠯ ᠦᠨ ᠸᠧᠻᠲ᠋ᠣᠷ ᠤᠨ ᠲᠡᢉᠦᠰᢉᠡᠯ ᠦᠨ ᠦᠵᠦᢉᠦᠷ ᢉᠦᠷᠳᠡᠯ᠎ᠡ ᠰᠤᠮᠤ ᠪᠠᠷ ᠳᠦᠷᠰᠥᠯᠡᢉᠰᠡᠨ ᠸᠧᠻᠲ᠋ᠣᠷ ᠨᠢ ᠦᠷ᠎ᠡ ᠳ᠋ᠦᠩ ᠸᠧᠻᠲ᠋ᠣᠷ ᠪᠣᠯᠬᠤ ᠶᠦᠮ᠃


ᠪᠤᠴᠠᠬᠤ