Та "Internet explorer"-ийн сүүлийн хувилбар болох "Microsoft edge"-г ашиглана уу

Хэрэв "Microsoft edge"-г татах бол энд дарж татаж авна уу

MN EN

C++ ᠫᠷᠣᠭᠷᠠᠮᠮᠴᠢᠯᠠᠯ ᠤᠨ ᠪᠣᠳᠣᠯᠭ᠎ᠠ ᠪᠣᠳᠣᠬᠤ

ᠵᠠᠷᠯᠠᠯ ᠮᠡᠳᠡᢉᠡᠯᠡᠯ ᠦᠢᠯᠡ ᠶᠠᠪᠤᠳᠠᠯ ᠤᠨ ᠮᠡᠳᠡᠭᠡ

ᠨᠡᠢᠢᠲᠡᠯᠡᠯᠴᠢ ᠨᠢ᠄ admin | ᠨᠡᠢᠢᠲᠡᠯᠡᠭᠰᠡᠨ ᠣᠭᠨᠣ᠄ 2024-01-24 05:58:14 |

ᠦᠵᠡᠭᠰᠡᠨ ᢉᠡᠷᠡᠭᠯᠡᠭᠴᠢ: 192


C++ ᠫᠷᠣᠭᠷᠠᠮᠮᠴᠢᠯᠠᠯ ᠤᠨ ᠪᠣᠳᠣᠯᠭ᠎ᠠ ᠪᠣᠳᠣᠬᠤ

C++ ᠫᠷᠣᠭᠷᠠᠮᠮᠴᠢᠯᠠᠯ ᠤᠨ ᠪᠣᠳᠣᠯᠭ᠎ᠠ ᠪᠣᠳᠣᠬᠤ

001 ᠳᠤᠭᠠᠷ᠄Hello World ᢉᠡᠰᠡᠨ ᠬᠣᠶᠠᠷ ᠦᢉᠡ ᠶᠢ ᠬᠣᠭᠣᠰᠣᠨ ᠵᠠᠶ ᠲᠠᠶ ᠳᠡᠯᢉᠡᠴᠡᠨ ᠳᠦ ᢉᠡᠪᠯᠡᠨ᠎ᠡ ᠦᠦ᠃

ᠪᠣᠳᠣᠯᠳᠠ ᠶᠢᠨ ᠲᠠᠶᠢᠯᠪᠣᠷᠢ᠄

- ᠨᠢᢉᠡᠳᠦᢉᠡᠷ ᠮᠥᠷᠦ ᠳᠦ᠄ ᠣᠷᠣᠯᠲᠠ - ᠭᠠᠷᠤᠯᠲᠠ ᠢᠢᠨ ᠦᠢᠯᠡᠳᠦᠯ ᠦᠳ ᠢ ᠬᠠᠩᠭᠠᠳᠠᠭ ᠰᠲ᠋ᠠᠨᠳᠠᠷᠲ ᠣᠪᠶᠧᠻᠲ ᠬᠠᠨᠳᠤᠯᠳᠠ ᠶᠢᠨ ᠰᠠᠩ ᠢ ᠵᠠᠷᠯᠠᠨ ᠳᠠᠭᠤᠳᠠᠵᠤ ᠪᠠᠶᠢᠨ᠎ᠠ᠃

- ᠬᠣᠶᠠᠳᠤᠭᠠᠷ ᠮᠦᠷᠦ ᠳᠤ᠄ᠨᠡᠷ᠎ᠡ ᠠᠰᠢᠭᠯᠠᠬᠤ ᠰᠲ᠋ᠠᠨᠳᠠᠷᠲ ᠣᠷᠴᠢᠨ ᠢ ᠵᠠᠷᠯᠠᠨ ᠳᠠᠭᠤᠳᠠᠵᠤ ᠪᠠᠶᠢᠨ᠎ᠠ᠃ᠡᠨᠡ ᠨᠢcin, cout ᠵᠡᠷᢉᠡ ᠣᠷᠣᠯᠳᠠ᠂ ᠭᠠᠷᠤᠯᠳᠠ ᠢᠢᠨ ᠦᠢᠯᠡᠳᠦᠯ ᢉᠦᠢᠴᠡᠳᢉᠡᢉᠦ ᠣᠪᠶᠧᠻᠲ ᠵᠠᠷᠯᠠᠬᠤ ᠣᠷᠴᠢᠨ ᠢ ᠪᠡᠯᠡᠳᢉᠡᠨ᠎ᠡ᠃

- ᠳᠥᠷᠪᠡᠳᠦᢉᠡᠷ ᠮᠦᠷᠦ ᠳᠦ᠄ ᠫᠷᠣᠭᠷᠠᠮᠮ ᠤᠨ ᠭᠣᠣᠯ ᢉᠡᠰᠡᢉ᠂ ᠹᠦᠩᠻᠼ ᢉᠡᠯᠪᠡᠷᠢᠳᠡᠶ ᠠᠷᢉᠦ᠋ᠮᠧᠨ᠋ᠲ ᠳᠠᠭᠤᠳᠠᠬᠤ ᠮᠡᠲᠦ ᠬᠠᠭᠠᠯᠳᠠᠳᠠᠶ ᠪᠠᠷ ᠪᠢᠴᠢᠳᠡᢉ᠃

- ᠲᠠᠪᠤᠳᠤᠭᠠᠷ ᠮᠥᠷᠦ ᠳᠦ᠄ ‍cout ᠣᠪᠶᠧᠻᠲ ᠵᠠᠷᠯᠠᠨ << ᠲᠡᠮᠳᠡᢉᠳᠦ ᠶᠢᠨ ᠠᠷᠤ ᠳᠤ ᠪᠢᠴᠢᢉᠰᠡᠨ ᠬᠤᠪᠢᠰᠤᠭᠴᠢ ᠪᠠ “”ᢉᠡᠰᠡᠨ ᠬᠠᠰᠢᠯᠲᠠ ᠳᠣᠳᠣᠷᠠᢉᠢ ᠲᠡᠮᠳᠡᢉᠳᠦ ᠶᠢ ᠳᠡᠯᢉᠡᠴᠡᠨ ᠳᠦ ᢉᠡᠪᠯᠡᠨ᠎ᠡ᠃ᠡᠨᠡ ᠪᠣᠳᠣᠯᠭ᠎ᠠ ᠶᠢᠨ ᠬᠣᠪᠢ ᠳᠤ hello World ᢉᠡᠰᠡᠨ ᠦᢉᠡ ᠶᠢ ᢉᠡᠪᠯᠡᠨ᠎ᠡ᠃ ᠳᠠᠷᠠᠭ᠎ᠠ ᠶᠢᠨ ᠮᠦᠷ ᠲᠦ return 0;  ᢉᠡᠰᠡᠨ ᠨᠢ Enter  ᠲᠣᠪᠴᠢ ᠳᠠᠷᠦᠬᠦ ᢉᠦᠷᠲᠡᠯ᠎ᠡ ᠳᠡᠯᢉᠡᠴᠡᠨ ᠳᠦ ᠲᠤᠰ ᠫᠷᠣᠭᠷᠠᠮᠮ ᠤᠨ ᠦᠷ᠎ᠡ ᠳᠦᠩ ᠢ ᠦᠵᠡᢉᠦᠯᠦᢉᠰᠡᢉᠡᠷ ᠪᠠᠶᠢᠬᠤ ᠪᠣᠯᠣᠨ᠎ᠠ᠃  

002 ᠳᠤᠭᠠᠷ ᠪᠣᠳᠣᠯᠭ᠎ᠠ᠄ IOI – 1

IOI ᢉᠡᠰᠡᠨ ᠦᢉᠡ ᠶᠢᠨ ᠦᠰᠦᢉ ᠪᠦᠷᠢ ᠶᠢ ᠨᠢᢉᠡ ᠮᠦᠷ ᠲᠦ ᢉᠡᠪᠯᠡᠨ᠎ᠡ ᠦᠦ᠃ (ᠵᠢᠱᠢᠢ᠎ᠡ ᠶᠢᠨ ᠳᠡᢉᠡᠷ᠎ᠡ ᠡᠴᠡ ᠰᠠᠶᠢᠨ ᠬᠠᠷᠠᠭᠠᠷᠠᠢ)

ᠪᠣᠳᠣᠯᠳᠠ ᠶᠢᠨ ᠲᠠᠶᠢᠯᠪᠣᠷᠢ᠄

- ᠨᠢᢉᠡᠳᠦᢉᠡᠷ ᠮᠥᠷᠦ ᠳᠦ᠄ ᠣᠷᠣᠯᠲᠠ-ᠭᠠᠷᠤᠯᠲᠠ ᠢᠢᠨ ᠦᠢᠯᠡᠳᠦᠯ ᠦᠳ ᠢ ᠬᠠᠩᠭᠠᠳᠠᠭ ᠰᠲ᠋ᠠᠨᠳᠠᠷᠲ ᠣᠪᠶᠡᠻᠲ ᠬᠠᠨᠳᠤᠯᠳᠠ ᠶᠢᠨ ᠰᠠᠩ ᠢ ᠵᠠᠷᠯᠠᠨ ᠳᠠᠭᠤᠳᠠᠵᠤ ᠪᠠᠶᠢᠨ᠎ᠠ᠃

- ᠬᠣᠶᠠᠳᠤᠭᠠᠷ ᠮᠦᠷᠦ ᠳᠤ᠄ᠨᠡᠷ᠎ᠡ ᠠᠰᠢᠭᠯᠠᠬᠤ ᠰᠲ᠋ᠠᠨᠳᠠᠷᠲ ᠣᠷᠴᠢᠨ ᠢ ᠵᠠᠷᠯᠠᠨ ᠳᠠᠭᠤᠳᠠᠵᠤ ᠪᠠᠶᠢᠨ᠎ᠠ᠃ᠡᠨᠡ ᠨᠢcin, cout ᠵᠡᠷᢉᠡ ᠣᠷᠣᠯᠳᠠ᠂ ᠭᠠᠷᠤᠯᠳᠠ ᠢᠢᠨ ᠦᠢᠯᠡᠳᠦᠯ ᢉᠦᠢᠴᠡᠳᢉᠡᢉᠦ ᠣᠪᠶᠧᠻᠲ ᠵᠠᠷᠯᠠᠬᠤ ᠣᠷᠴᠢᠨ ᠢ ᠪᠡᠯᠡᠳᢉᠡᠨ᠎ᠡ᠃


ᠪᠤᠴᠠᠬᠤ