Та "Internet explorer"-ийн сүүлийн хувилбар болох "Microsoft edge"-г ашиглана уу

Хэрэв "Microsoft edge"-г татах бол энд дарж татаж авна уу

MN EN

ᠲᠡᠭᠰᠢ ᠬᠠᠮᠤᠷᠤᠭᠤᠯᠬᠤ ᠪᠣᠯᠪᠠᠰᠤᠷᠠᠯ ᠤᠨ ᠣᠨᠣᠯ ᠠᠷᠭ᠎ᠠ ᠵᠦᠢ ᠶᠢᠨ ᠰᠤᠷᠭᠠᠯᠲᠠ ᠵᠣᠬᠢᠶᠠᠨ ᠪᠠᠶᠢᠭᠤᠯᠤᠭᠳᠠᠯ᠎ᠠ

ᠵᠠᠷᠯᠠᠯ ᠮᠡᠳᠡᢉᠡᠯᠡᠯ ᠦᠢᠯᠡ ᠶᠠᠪᠤᠳᠠᠯ ᠤᠨ ᠮᠡᠳᠡᠭᠡ

ᠨᠡᠢᠢᠲᠡᠯᠡᠯᠴᠢ ᠨᠢ᠄ admin | ᠨᠡᠢᠢᠲᠡᠯᠡᠭᠰᠡᠨ ᠣᠭᠨᠣ᠄ 2024-03-12 02:51:46 |

ᠦᠵᠡᠭᠰᠡᠨ ᢉᠡᠷᠡᠭᠯᠡᠭᠴᠢ: 124


ᠲᠡᠭᠰᠢ ᠬᠠᠮᠤᠷᠤᠭᠤᠯᠬᠤ ᠪᠣᠯᠪᠠᠰᠤᠷᠠᠯ ᠤᠨ ᠣᠨᠣᠯ ᠠᠷᠭ᠎ᠠ ᠵᠦᠢ ᠶᠢᠨ ᠰᠤᠷᠭᠠᠯᠲᠠ ᠵᠣᠬᠢᠶᠠᠨ ᠪᠠᠶᠢᠭᠤᠯᠤᠭᠳᠠᠯ᠎ᠠ

ᠪᠣᠯᠪᠠᠰᠤᠷᠠᠯ ᠤᠨ ᠶᠡᠷᠦᠩᠬᠡᠢ ᠭᠠᠵᠠᠷ ᠤᠨ ᠲᠡᠭᠰᠢ ᠬᠠᠮᠤᠷᠤᠭᠤᠯᠬᠤ ᠪᠣᠯᠪᠠᠰᠤᠷᠠᠯ ᠤᠨ ᠬᠡᠯᠲᠡᠰ᠂ ᠰᠦᠬᠡᠪᠠᠭᠠᠲᠤᠷ ᠳᠡᠭᠦᠷᠭᠡ ᠶᠢᠨ ᠪᠣᠯᠪᠠᠰᠤᠷᠠᠯ ᠤᠨ ᠬᠡᠯᠲᠡᠰ᠂ 《ᠠᠨ᠎ᠡ ᠼᠧᠨᠲᠷ ᠮᠣᠩᠭᠣᠯᠢᠶᠠ》 ᠲᠥᠪ ᠦᠨ ᠵᠠᠩ ᠦᠢᠯᠡ ᠰᠤᠳᠤᠯᠤᠭᠠᠴᠢ ᠪ ∙ ᠣᠨᠣᠨ ᠨᠠᠷ ᠬᠠᠮᠲᠤᠷᠠᠨ 《ᠲᠡᠭᠰᠢ ᠬᠠᠮᠤᠷᠤᠭᠤᠯᠬᠤ ᠪᠣᠯᠪᠠᠰᠤᠷᠠᠯ》 ᠍ ᠤᠨ ᠠᠷᠭ᠎ᠠ ᠵᠦᠢ ᠶᠢᠨ ᠳᠡᠮᠵᠢᠯᠭᠡ ᠦᠵᠡᠭᠦᠯᠬᠦ ᠰᠤᠷᠭᠠᠯᠲᠠ ᠶᠢ 2024 ᠣᠨ ᠤ 03 ᠳ᠋ᠤᠭᠠᠷ ᠰᠠᠷ᠎ᠠ ᠶᠢᠨ 6-7 ᠍ ᠤ ᠡᠳᠦᠷ ᠦᠳ ᠲᠦ ᠳᠠᠷᠠᠭᠠᠬᠢ ᠠᠭᠤᠯᠭ᠎ᠠ ᠶᠢᠨ ᠬᠦᠷᠢᠶᠡᠨ ᠳᠦ ᠵᠣᠬᠢᠶᠠᠨ ᠪᠠᠶᠢᠭᠤᠯᠤᠯ᠎ᠠ᠃ ᠡᠭᠦᠨ ᠳᠦ᠄

ᠲᠡᠭᠰᠢ ᠬᠠᠮᠤᠷᠤᠭᠤᠯᠤᠨ ᠰᠤᠷᠭᠠᠬᠤ ᠪᠣᠯᠪᠠᠰᠤᠷᠠᠯ ᠤᠨ ᠣᠨᠣᠯ᠂ ᠦᠵᠡᠯ ᠪᠠᠷᠢᠮᠲᠠᠯᠠᠯ

ᠲᠡᠭᠰᠢ ᠬᠠᠮᠤᠷᠤᠭᠤᠯᠤᠨ ᠰᠤᠷᠭᠠᠬᠤ ᠪᠣᠯᠪᠠᠰᠤᠷᠠᠯ ᠤᠨ ᠣᠷᠴᠢᠨ ᠪᠦᠷᠢᠳᠦᠭᠦᠯᠬᠦ

ᠰᠤᠷᠭᠠᠭᠤᠯᠢ ᠶᠢᠨ ᠳᠡᠮᠵᠢᠯᠭᠡ ᠶᠢᠨ ᠪᠠᠭ ᠢ ᠪᠦᠷᠢᠳᠦᠭᠦᠯᠬᠦ᠂ ᠦᠢᠯᠡ ᠠᠵᠢᠯᠯᠠᠭ᠎ᠠ ᠶᠢ ᠲᠣᠭᠲᠠᠪᠤᠷᠢᠲᠠᠢ ᠬᠡᠷᠡᠭᠵᠢᠭᠦᠯᠬᠦ

ᠭᠠᠭᠴᠠᠭᠠᠷᠴᠢᠯᠠᠭᠰᠠᠨ ᠰᠤᠷᠭᠠᠯᠲᠠ ᠶᠢᠨ ᠲᠥᠯᠦᠪᠯᠡᠭᠡ ᠶᠢ ᠪᠣᠯᠪᠠᠰᠤᠷᠠᠭᠤᠯᠬᠤ᠂ ᠦᠷ᠎ᠡ ᠳ᠋ᠦᠩ ᠲᠡᠢ ᠬᠡᠷᠡᠭᠵᠢᠭᠦᠯᠬᠦ᠂ ᠦᠷ᠎ᠡ ᠳ᠋ᠦᠩ ᠢ ᠲᠣᠭᠠᠴᠠᠬᠤ ᠠᠷᠭ᠎ᠠ ᠵᠦᠢ

ᠠᠦ᠋ᠲ᠋ᠢᠰᠮ ᠤᠨ ᠬᠦᠷᠢᠶᠡᠨ ᠦ ᠡᠮᠭᠡᠭ ᠲᠡᠢ ᠬᠡᠦᠬᠡᠳ ᠦᠨ ᠣᠨᠴᠠᠯᠢᠭ ᠬᠡᠷᠡᠭᠴᠡᠭᠡ᠂ ᠲᠡᠭᠦᠨ ᠲᠡᠢ ᠬᠠᠷᠢᠯᠴᠠᠬᠤ᠂ ᠠᠵᠢᠯᠯᠠᠬᠤ ᠠᠷᠭ᠎ᠠ ᠵᠦᠢ

ᠰᠤᠷᠭᠠᠯᠲᠠ ᠳᠤ Australian Smart School of Ulaanbaatar ᠪᠦᠷᠢᠨ ᠳᠤᠮᠳᠠ ᠰᠤᠷᠭᠠᠭᠤᠯᠢ ᠶᠢᠨ ᠪᠠᠭᠰᠢ᠂ ᠤᠳᠤᠷᠢᠳᠬᠤ ᠠᠵᠢᠯᠲᠠᠨ 33 ᠬᠦᠮᠦᠨ ᠬᠠᠮᠤᠷᠤᠭᠳᠠᠯ᠎ᠠ᠃

ᠪᠤᠴᠠᠬᠤ