Та "Internet explorer"-ийн сүүлийн хувилбар болох "Microsoft edge"-г ашиглана уу

Хэрэв "Microsoft edge"-г татах бол энд дарж татаж авна уу

MN EN

ᠰᠲ᠋ᠢᠸᠧᠨ ᠬᠣᠺᠢᠨᠭᠦ ᠪᠠ ᠬᠠᠷ᠎ᠠ ᠨᠦᠬᠡ

ᠪᠠᠭᠰᠢ ᠢᠢᠨ ᢉᠦᢉᠵᠢᠯ ᠪᠠᠭᠰᠢ ᠳ᠋ᠤ ᠳᠡᠮᠵᠢᠯᠭᠡ

ᠨᠡᠢᠢᠲᠡᠯᠡᠯᠴᠢ ᠨᠢ᠄ admin | ᠨᠡᠢᠢᠲᠡᠯᠡᠭᠰᠡᠨ ᠣᠭᠨᠣ᠄ 2024-03-12 06:38:42 |

ᠦᠵᠡᠭᠰᠡᠨ ᢉᠡᠷᠡᠭᠯᠡᠭᠴᠢ: 113


 ᠰᠲ᠋ᠢᠸᠧᠨ ᠬᠣᠺᠢᠨᠭᠦ ᠪᠠ ᠬᠠᠷ᠎ᠠ ᠨᠦᠬᠡ

ᠠᠮᠧᠷᠢᠺᠠ ᠶᠢᠨ ᠵᠦᠴᠦᠭᠡᠴᠢᠨ ᠰᠲ᠋ᠢᠸᠧᠨ ᠰᠢᠭᠠᠯ ᠡᠬᠡᠨᠡᠷ ᠦᠨ ᠬᠠᠮᠲᠤ ᠣᠷᠣᠰ ᠤᠨ ᠫᠸᠲᠸᠷᠪᠦ᠋ᠷᠡᠭ ᠬᠣᠲᠠ ᠶᠢᠨ ᠪᠤᠳ᠋ᠳ᠋ᠾᠠ ᠶᠢᠨ ᠱᠠᠰᠢᠨ ᠤ ︽ᠭᠤᠨᠵᠡᠴᠣᠶᠢᠨᠡᠢ︾ ᠬᠡᠮᠡᠬᠦ ᠳ᠋ᠠᠴᠠᠩ ᠳᠤ ᠵᠤᠴᠢᠯᠠᠵᠤ ᠂ ᠯᠠᠮᠠ ᠨᠠᠷ ᠲᠠᠢ ᠶᠠᠷᠢᠯᠴᠠᠵᠤ᠂ ᠰᠦᠰᠦᠭᠲᠡᠨ ᠣᠯᠠᠨ ᠲᠠᠢ ᠵᠢᠷᠤᠭ ᠠᠪᠬᠠᠭᠤᠯᠤᠭᠰᠠᠨ ᠪᠠᠶᠢᠨ᠎ᠠ᠃ ᠰᠢᠭᠠᠯ᠂ ᠪ∙ᠡᠷᠳᠡᠨᠢᠲᠤᠶᠠᠭ᠎ᠠ ᠨᠠᠷ ᠫᠸᠲᠸᠷᠪᠦ᠋ᠷᠡᠭ  ᠦᠨ ᠣᠯᠠᠨ ᠤᠯᠤᠰ ᠤᠨ ᠡᠳ᠋  ᠦᠨ ᠵᠠᠰᠠᠭ ᠤᠨ ᠹᠣᠷᠣᠮ ᠳᠤ ᠣᠷᠣᠯᠴᠠᠭᠰᠠᠨ᠃ ᠳᠠᠷᠠᠭ᠎ᠠ ᠨᠢ ︽ᠮᠣᠩᠭᠣᠯ ᠤᠨ ᠰᠤᠶᠤᠯ ᠤᠨ ᠡᠳᠦᠷ ᠦᠳ︾ ᠍ ᠦᠨ ᠨᠡᠭᠡᠭᠡᠯᠲᠡ ᠶᠢᠨ ᠠᠵᠢᠯᠯᠠᠭᠠᠨ ᠳᠤ ᠣᠷᠣᠯᠴᠠᠭᠠᠳ ᠲᠤᠰ ᠳ᠋ᠠᠴᠠᠩ ᠳᠤ ᠣᠴᠢᠭᠰᠠᠨ ᠶᠤᠮ᠃
ᠫᠸᠲᠸᠷᠪᠦ᠋ᠷᠡᠭ ᠤᠨ ︽ᠮᠣᠩᠭᠣᠯ ᠤᠨ ᠰᠤᠶᠤᠯ ᠤᠨ ᠡᠳᠦᠷ ᠦᠳ︾ ᠢᠶᠠᠷ ᠤᠷᠠᠨ ᠵᠢᠷᠤᠭᠠᠴᠢ ᠣᠶᠢᠯᠠᠨ ᠵᠠᠨᠠᠲᠤᠬᠠᠨ ᠤ ︽ᠮᠥᠩᠬᠡ ᠬᠥᠬᠡ ᠲᠩᠷᠢ ᠶᠢᠨ ᠣᠷᠣᠨ︾᠂ ︽ᠡᠷᠲᠡᠨ ᠦ ᠤᠯᠠᠭᠠᠨᠪᠠᠭᠠᠲᠤᠷ︾ ᠭᠡᠷᠡᠯ ᠵᠢᠷᠤᠭ ᠤᠨ ᠦᠵᠡᠰᠬᠦᠯᠡᠩ ᠪᠣᠯᠵᠤ᠂ ᠮᠣᠷᠢᠨ ᠬᠤᠭᠤᠷ ᠤᠨ ᠴᠢᠭᠤᠯᠭ᠎ᠠ ᠲᠣᠭᠯᠠᠯᠲᠠ ᠬᠢᠵᠦ ᠪᠠᠶᠢᠨ᠎ᠠ᠃ ᠰᠲ᠋ᠢᠸᠧᠨ ᠰᠢᠭᠠᠯ 2016 ᠣᠨ ᠳᠤ ᠣᠷᠣᠰ ᠤᠨ ᠢᠷᠭᠡᠨ ᠪᠣᠯᠤᠭᠰᠠᠨ ᠪᠢᠯᠡ᠃

ᠪᠤᠴᠠᠬᠤ