Та "Internet explorer"-ийн сүүлийн хувилбар болох "Microsoft edge"-г ашиглана уу

Хэрэв "Microsoft edge"-г татах бол энд дарж татаж авна уу

MN EN

ᠰᠤᠷᠭᠠᠭᠤᠯᠢ ᠶ᠋ᠢᠨ ᠡᠮᠦᠨᠡᠬᠢ ᠪᠣᠯᠤᠨ ᠶᠡᠷᠦᠩᠬᠡᠢ ᠪᠣᠯᠪᠠᠰᠤᠷᠠᠯ ᠤ᠋ᠨ ᠰᠠᠯᠪᠤᠷᠢ ᠶ᠋ᠢᠨ ᠒᠐᠒᠔᠆᠒᠐᠒᠕ ᠣᠨ ᠤ᠋ ᠬᠢᠴᠢᠶᠡᠯ ᠦᠨ ᠵᠢᠯ ᠦᠨ ᠵᠣᠷᠢᠯᠭ᠎ᠠ᠂ ᠵᠣᠷᠢᠯᠲᠠ

ᠵᠠᠷᠯᠠᠯ ᠮᠡᠳᠡᢉᠡᠯᠡᠯ ᠦᠢᠯᠡ ᠶᠠᠪᠤᠳᠠᠯ ᠤᠨ ᠮᠡᠳᠡᠭᠡ

ᠨᠡᠢᠢᠲᠡᠯᠡᠯᠴᠢ ᠨᠢ᠄ admin | ᠨᠡᠢᠢᠲᠡᠯᠡᠭᠰᠡᠨ ᠣᠭᠨᠣ᠄ 2024-08-23 08:55:16 | ᠨᠡᠢᠢᠲᠡᠯᠡᠯ ᠵᠠᠰᠠᠭᠰᠠᠨ ᠣᠭᠨᠣ᠄ admin on 2024-09-16 19:34:08

ᠦᠵᠡᠭᠰᠡᠨ ᢉᠡᠷᠡᠭᠯᠡᠭᠴᠢ: 40


ᠰᠤᠷᠭᠠᠭᠤᠯᠢ ᠶ᠋ᠢᠨ ᠡᠮᠦᠨᠡᠬᠢ ᠪᠣᠯᠤᠨ ᠶᠡᠷᠦᠩᠬᠡᠢ ᠪᠣᠯᠪᠠᠰᠤᠷᠠᠯ ᠤ᠋ᠨ ᠰᠠᠯᠪᠤᠷᠢ ᠶ᠋ᠢᠨ ᠒᠐᠒᠔᠆᠒᠐᠒᠕ ᠣᠨ ᠤ᠋ ᠬᠢᠴᠢᠶᠡᠯ ᠦᠨ ᠵᠢᠯ ᠦᠨ ᠵᠣᠷᠢᠯᠭ᠎ᠠ᠂ ᠵᠣᠷᠢᠯᠲᠠ

ᠰᠤᠷᠤᠯᠴᠠᠭᠴᠢ ᠶ᠋ᠢᠨ ᠡᠵᠡᠮᠰᠢᠬᠦ ᠴᠢᠳᠠᠮᠵᠢ (ᠲᠠᠨᠢᠨ ᠮᠡᠳᠡᠬᠦᠢ ᠶ᠋ᠢᠨ᠂ ᠡᠷᠡᢉᠦᠯ ᠮᠡᠨᠳᠦ᠂ ᠨᠡᠶᠢᢉᠡᠮ ᠰᠡᠳᠬᠢᠯ ᠬᠥᠳᠡᠯᠦᠯ)᠆ ᠶ᠋ᠢ ᠬᠥᢉᠵᠢᢉᠦᠯᠬᠦ ᠳ᠋ᠦ ᠪᠦᠬᠦ ᠲᠠᠯ᠎ᠠ ᠶ᠋ᠢᠨ ᠣᠷᠤᠯᠴᠠᠭ᠎ᠠ᠂ ᠬᠠᠮᠲᠤ ᠶ᠋ᠢᠨ ᠠᠵᠢᠯᠯᠠᠭ᠎ᠠ ᠶ᠋ᠢ ᠬᠠᠩᠭᠠᠵᠤ ᠬᠢᠴᠢᠶᠡᠯ᠂ ᠰᠤᠷᠭᠠᠯᠲᠠ ᠶ᠋ᠢᠨ ᠦᠶᠯᠡ ᠠᠵᠢᠯᠯᠠᠭᠠᠨ ᠤ᠋ ᠴᠢᠨᠠᠷ᠂ ᠦᠷ᠎ᠡ ᠳ᠋ᠦᠩ ᠢ ᠰᠠᠶᠢᠵᠢᠷᠠᠭᠤᠯᠬᠤ ᠵᠣᠷᠢᠯᠭ᠎ᠠ ᠶ᠋ᠢ ᠒᠐᠒᠔᠆᠒᠐᠒᠕ ᠣᠨ ᠤ᠋ ᠬᠢᠴᠢᠶᠡᠯ ᠦᠨ ᠵᠢᠯ ᠳ᠋ᠦ ᠳᠡᠪᠰᠢᢉᠦᠯᠵᠦ ᠪᠠᠶᠢᠨ᠎ᠠ᠃

ᠡᠨᠡ ᠬᠦ ᠵᠣᠷᠢᠯᠭ᠎ᠠ ᠶ᠋ᠢ ᠬᠠᠩᠭᠠᠬᠤ ᠴᠢᢉᠯᠡᠯ ᠢ᠋ᠢᠡᠷ ᠳᠠᠷᠠᠭᠠᠬᠢ ᠵᠣᠷᠢᠯᠲᠠ ᠶ᠋ᠢ ᠬᠡᠷᠡᢉᠵᠢᢉᠦᠯᠦᠨ᠎ᠡ:

᠑᠃ ᠰᠤᠷᠭᠠᠭᠤᠯᠢ ᠶ᠋ᠢᠨ ᠡᠮᠦᠨᠡᠬᠢ ᠪᠣᠯᠤᠨ ᠪᠠᠭ᠎ᠠ ᠪᠣᠯᠪᠠᠰᠤᠷᠠᠯ ᠤ᠋ᠨ ᠰᠢᠨᠡᠴᠢᠯᠡᠨ ᠪᠣᠯᠪᠠᠰᠤᠷᠠᠭᠤᠯᠤᠭᠰᠠᠨ ᠰᠤᠷᠭᠠᠯᠲᠠ ᠶ᠋ᠢᠨ ᠬᠥᠲᠦᠯᠪᠦᠷᠢ᠂ ᠰᠤᠷᠬᠤ ᠪᠢᠴᠢᠭ ᠦᠨ ᠲᠣᢈᠢᠷᠠᠵᠤ᠂ ᠨᠡᠶᠢᠴᠡᠯ ᠢ᠋ ᠲᠦᠰᠢᠴᠡ ᠴᠡᠴᠡᠷᠯᠢᠭ᠂ ᠰᠤᠷᠭᠠᠭᠤᠯᠢ ᠳ᠋ᠤ ᠰᠢᠯᠭᠠᠨ ᠲᠤᠷᠰᠢᠵᠤ᠂ ᠒᠐᠒᠕᠒᠒᠐᠒᠖ ᠣᠨ ᠤ᠋ ᠬᠢᠴᠢᠶᠡᠯ ᠦᠨ ᠵᠢᠯ ᠡᠴᠡ ᠦᠨᠳᠦᠰᠦᠨ ᠦ ᠬᠡᠮᠵᠢᠶᠡᠨ ᠳ᠋ᠦ ᠬᠡᠷᠡᢉᠵᠢᢉᠦᠯᠬᠦ ᠪᠡᠯᠡᠳᠬᠡᠯ ᠬᠠᠩᠭᠠᠬᠤ᠂

᠒᠃ ᠰᠤᠷᠤᠯᠴᠠᠭᠴᠢ ᠶ᠋ᠢᠨ ᠨᠠᠰᠤ᠂ ᠰᠡᠳᠢᠬᠦᠢ ᠶ᠋ᠢᠨ ᠣᠨᠴᠠᠯᠢᠭ ᠲᠤ ᠨᠡᠶᠢᠴᠡᢉᠦᠯᠦᠨ ᠵᠢᠷᠤᠭ᠂ ᠳᠦᠷᠰᠦ᠂ ᠲᠡᠮᠳᠡᢉᠲᠦ ᠮᠡᠳᠡᢉᠡᠯᠡᠯ ᠦᠨ ᠤᠳᠬ᠎ᠠ ᠰᠠᠨᠠᠭ᠎ᠠ ᠶ᠋ᠢ ᠣᠶᠢᠯᠠᠭᠠᠬᠤ᠂ ᠪᠢᠴᠢᠪᠦᠷᠢ ᠡᠬᠢ ᠶ᠋ᠢ ᠣᠶᠢᠯᠠᠭᠠᠵᠤ ᠤᠩᠰᠢᠬᠤ᠂ ᠢᠯᠡᠷᠬᠡᠶᠢᠯᠡᠬᠦ᠂ ᠲᠠᠶᠢᠯᠪᠤᠷᠢᠯᠠᠬᠤ ᠴᠢᠳᠠᠪᠤᠷᠢ ᠶ᠋ᠢ ᠡᠳᠦᠷ ᠲᠤᠲᠤᠮ ᠬᠢᠴᠢᠶᠡᠯ᠂ ᠰᠤᠷᠭᠠᠯᠲᠠ ᠶ᠋ᠢᠨ ᠦᠶᠯᠡ ᠠᠵᠢᠯᠯᠠᠭᠠᠨ ᠳ᠋ᠤ ᠦᠷ᠎ᠡ ᠳ᠋ᠦᠩᠲᠡᠢ᠂ ᠪᠦᠲᠦᢉᠡᠯᠴᠢ ᠪᠡᠷ ᠬᠡᠷᠡᢉᠵᠢᢉᠦᠯᠬᠦ᠂

᠓᠃ ᠪᠠᠭᠰᠢ ᠶ᠋ᠢᠨ ᠠᠵᠢᠯ ᠤ᠋ᠨ ᠪᠠᠶᠢᠷᠢᠨ ᠳᠠᠬᠢ ᠮᠡᠷᢉᠡᠵᠢᠯ ᠦᠨ ᠬᠠᠮᠲᠤ ᠶ᠋ᠢᠨ ᠠᠵᠢᠯᠯᠠᠭᠠᠨ ᠦ ᠦᠷ᠎ᠡ ᠳ᠋ᠦᠩ ᠢ ᠰᠠᠶᠢᠵᠢᠷᠠᠭᠤᠯᠵᠤ ᠬᠢᠴᠢᠶᠡᠯ᠂ ᠰᠤᠷᠭᠠᠯᠲᠠ ᠶ᠋ᠢᠨ ᠦᠶᠯᠡ ᠠᠵᠢᠯᠯᠠᠭ᠎ᠠ ᠶ᠋ᠢ ᠮᠡᠷᢉᠡᠵᠢᠯ ᠦᠨ ᠪᠠᠭᠰᠢ ᠨᠠᠷ ᠦᠨ ᠪᠦᠯᠦᠭ᠂ ᠪᠠᠭ ᠢᠢᠠᠷ ᠬᠠᠮᠲᠤᠷᠠᠨ ᠰᠤᠷᠤᠯᠴᠠᠭᠴᠢ ᠶ᠋ᠢᠨ ᠢᠯᠭᠠᠭ᠎ᠠ ᠲᠠᠢ ᠬᠡᠷᠡᢉᠴᠡᢉᠡᠨ ᠳ᠋ᠦ ᠨᠡᠶᠢᠴᠡᢉᠦᠯᠦᠨ ᠴᠢᠨᠠᠷᠲᠠᠢ ᠪᠡᠯᠡᠳᠬᠡᠨ ᠦᠷ᠎ᠡ ᠳ᠋ᠦᠩᠲᠡᠢ ᠬᠡᠷᠡᢉᠵᠢᢉᠦᠯᠬᠦ᠂

᠔᠃ ᠪᠠᠭᠰᠢ᠂ ᠠᠵᠢᠯᠲᠠᠨ ᠦᠨ ᠪᠦᠲᠦᢉᠡᠯᠴᠢ ᠦᠢᠯᠡ ᠠᠵᠢᠯᠯᠠᠭ᠎ᠠ᠂ ᠮᠡᠷᢉᠡᠵᠢᠯ ᠦᠨ ᠪᠡᠶ᠎ᠡ ᠳᠠᠭᠠᠭᠠᠭᠰᠠᠨ ᠪᠠᠶᠢᠳᠠᠯ ᠢ ᠬᠦᠨᠳᠦᠳᠬᠡᢉᠰᠡᠨ ᠬᠠᠷᠢᠯᠴᠠᠭ᠎ᠠ᠂ ᠬᠠᠮᠲᠤᠷᠠᠨ ᠠᠵᠢᠯᠯᠠᠬᠤ ᠪᠣᠯᠤᠨ ᠰᠡᠳᠬᠢᠯ ᠵᠦᠢ ᠶ᠋ᠢᠨ ᠲᠠᠭᠠᠲᠠᠢ ᠣᠷᠴᠢᠨ ᠪᠦᠷᠢᠳᠦᢉᠦᠯᠵᠦ᠂ ᠡᠴᠢᠭᠡ ᠡᠬᠡ᠂ ᠠᠰᠠᠷᠠᠨ ᠬᠠᠮᠠᠭᠠᠯᠠᠭᠴᠢ᠂ ᠣᠯᠠᠨ ᠨᠡᠶᠢᠲᠡ ᠶ᠋ᠢᠨ ᠣᠷᠤᠯᠴᠠᠭᠠᠨ ᠳ᠋ᠤ ᠲᠤᠯᠭᠠᠭᠤᠷᠯᠠᠨ ᠰᠤᠷᠬᠤ᠂ ᠰᠤᠷᠭᠠᠬᠤ ᠦᠢᠯᠡ ᠶ᠋ᠢ ᠳᠡᠮᠵᠢᢉᠰᠡᠨ ᠪᠠᠶᠢᠭᠤᠯᠤᠯᠭ᠎ᠠ ᠶ᠋ᠢᠨ ᠡᠶᠡᠷᢉᠦ ᠠᠭᠤᠷ ᠠᠮᠢᠰᠬᠤᠯ᠂ ᠰᠣᠶᠤᠯ ᠲᠥᠯᠦᠪᠰᠢᢉᠦᠯᠬᠦ᠂

᠕᠃ ᠦᠨᠳᠦᠰᠦᠨ ᠦ ᠪᠣᠯᠤᠨ ᠣᠷᠤᠨ ᠨᠤᠲᠤᠭ ᠦᠨ ᠮᠡᠷᢉᠡᠵᠢᠯ ᠳᠡᢉᠡᢉᠰᠢᠯᠡᢉᠦᠯᠬᠦ ᠰᠤᠷᠭᠠᠯᠲᠠ ᠶ᠋ᠢ ᠪᠠᠭᠰᠢ᠂ ᠠᠵᠢᠯᠲᠠᠨ ᠦ ᠮᠡᠷᢉᠡᠵᠢᠯ ᠦᠨ ᠣᠨᠤᠯ᠂ ᠠᠷᠭ᠎ᠠ ᠵᠦᠢ ᠶ᠋ᠢᠨ ᠮᠡᠳᠡᠯᠭᠡ᠂ ᠴᠢᠳᠠᠮᠵᠢ ᠶ᠋ᠢ ᠰᠠᠶᠢᠵᠢᠷᠠᠭᠤᠯᠬᠤ ᠳ᠋ᠤ ᠴᠢᢉᠯᠡᢉᠦᠯᠵᠦ᠂ ᠠᠬᠢᠴᠠ᠂ ᠦᠷ᠎ᠡ ᠳ᠋ᠦᠩ ᠢ᠋ ᠲᠣᠭᠠᠴᠠᠬᠤ᠂

᠖᠃ ᠰᠤᠷᠤᠯᠴᠠᠭᠴᠢᠳ ᠦᠨ ᠬᠠᠮᠲᠤᠷᠠᠨ ᠰᠤᠷᠤᠯᠴᠠᠬᠤ᠂ ᠪᠠᠭ ᠢ᠋ᠢᠠᠷ ᠠᠵᠢᠯᠯᠠᠬᠤ ᠦᠢᠯᠡ ᠶ᠋ᠢ ᠳᠡᠮᠵᠢᠨ᠂ ᠠᠵᠢᠭᠯᠠᠯᠲᠠ ᠲᠤᠷᠰᠢᠯᠲᠠ᠂ ᠡᠷᠢᠯ ᠬᠠᠶᠢᠭᠤᠯ ᠬᠢᠬᠦ᠂ ᠥᠪᠡᠷ ᠲᠦ ᠪᠡᠨ ᠢᠲᠡᢉᠡᠯᠲᠡᠢ ᠪᠡᠷ ᠰᠤᠷᠤᠯᠴᠠᠬᠤ᠂ ᠪᠦᠲᠦᢉᠡᠯᠴᠢ ᠰᠡᠳᠭᠢᠯᠬᠡ ᠶ᠋ᠢ ᠬᠥᢉᠵᠢᢉᠦᠯᠬᠦ ᠲᠥᠰᠦᠯᠲᠡ ᠠᠵᠢᠯ ᠬᠡᠷᠡᢉᠵᠢᢉᠦᠯᠵᠦ ᠦᠷ᠎ᠡ ᠳ᠋ᠦᠩ ᠢ ᠨᠡᢉᠡᢉᠡᠯᠲᠡ ᠲᠡᠢ ᠲᠠᠶᠢᠯᠤᠩᠨᠠᠬᠤ᠂

᠗᠃ ᠢᠯᠭᠠᠭᠠᠲᠠᠢ ᠬᠡᠷᠡᢉᠴᠡᢉᠡᠲᠡᠢ ᠬᠡᠦᠬᠡᠳ ᠢ ᠪᠣᠯᠪᠠᠰᠤᠷᠠᠯ ᠦᠨ ᠦᠶᠯᠡᠴᠢᠯᠡᠭᠡᠨ ᠳ᠋ᠦ ᠲᠡᢉᠰᠢ ᠬᠠᠮᠤᠷᠤᠭᠤᠯᠵᠤ᠂ ᠲᠡᠳᠡᠨ ᠦ ᠣᠨᠴᠠᠯᠢᠭ᠂ ᠭᠡᠷᠡᢉᠴᠡᢉᠡᠨ ᠳ᠋ᠦ ᠰᠠᠭᠤᠷᠢᠯᠠᠨ ᠭᠥᢉᠵᠢᠯ ᠦᠨ ᠳᠡᠮᠵᠢᠯᠭᠡ ᠶ᠋ᠢ ᠴᠢᠨᠠᠷ᠂ ᠦᠷ᠎ᠡ ᠳ᠋ᠦᠩ ᠲᠡᠢ ᠦᠵᠡᢉᠦᠯᠬᠦ ᠳ᠋ᠦ ᠲᠠᠯ᠎ᠠ ᠨᠤᠭᠤᠳ ᠦᠨ ᠣᠷᠤᠯᠴᠠᠭ᠎ᠠ᠂ ᠬᠠᠮᠲᠤ ᠶ᠋ᠢᠨ ᠠᠵᠢᠯᠯᠠᠭ᠎ᠠ ᠶ᠋ᠢ ᠢᠳᠡᠪᠬᠢᠵᠢᢉᠦᠯᠬᠦ᠂

᠘᠃ ᠴᠡᠴᠡᠷᠯᠢᠭ᠂ ᠰᠤᠷᠭᠠᠭᠤᠯᠢ ᠶ᠋ᠢᠨ ᠣᠷᠴᠢᠨ ᠳᠠᠬᠢ ᠬᠡᠦᠬᠡᠳ ᠬᠠᠮᠠᠭᠠᠯᠠᠯ᠂ ᠡᠷᠡᢉᠦᠯ᠂ ᠠᠶᠤᠯ ᠦᢉᠡᠢ ᠪᠠᠶᠢᠳᠠᠯ ᠨᠢᢉᠡᠳᠦᢉᠡᠷ ᠲᠦ ᠠᠷᠭ᠎ᠠ ᠬᠡᠮᠵᠢᠶ᠎ᠡ ᠶ᠋ᠢ ᠴᠡᠴᠡᠷᠯᠢᠭ᠂ ᠰᠤᠷᠭᠠᠭᠤᠯᠢ᠂ ᠣᠷᠤᠨ ᠨᠤᠲᠤᠭ᠂ ᠦᠨᠳᠦᠰᠦᠨ ᠦ ᠲᠦᠪᠰᠢᠨ ᠳ᠋ᠦ ᠵᠣᠬᢈᠶᠠᠨ ᠪᠠᠶᠢᠭᠤᠯᠵᠤ᠂ ᠦᠷ᠎ᠡ ᠳ᠋ᠦᠩ ᠢ ᠲᠣᠭᠠᠴᠠᠬᠤ᠂

᠙᠃ ᠭᠠᠮᠰᠢᠭ (ᠠᠭᠤᠷ ᠠᠮᠢᠰᠬᠤᠯ ᠦᠨ ᠥᢉᠡᠷᠡᠴᠢᠯᠡᠯᠲᠡ᠂ ᠰᠠᠯᠬᠢ᠂ ᠰᠢᠭᠤᠷᠭ᠎ᠠ᠂ ᠭᠠᠩ᠂ ᠵᠤᠳ᠂ ᠦᠶᠡᠷ᠂ ᠭᠠᠵᠠᠷ ᠬᠥᠳᠡᠯᠦᠯᠲᠡ ᢉᠡᠬᠦ ᠮᠡᠲᠦ)᠂ ᠪᠣᠯᠵᠤᠰᠢ ᠦᢉᠡᠢ ᠠᠶᠤᠯ᠂ ᠡᠷᠦᠰᠳᠡᠯ ᠦᠨ ᠦᠶ᠎ᠡ ᠳ᠋ᠦ ᠥᠪᠡᠷ ᠢ ᠪᠡᠨ ᠪᠣᠯᠤᠨ ᠪᠤᠰᠤᠳ ᠢ ᠬᠠᠮᠠᠭᠠᠯᠠᠬᠤ᠂ ᠲᠤᠰᠠᠯᠠᠬᠤ ᠪᠡᠯᠡᠨ ᠪᠠᠶᠢᠳᠠᠯ ᠢᠢᠡᠨ ᠬᠠᠩᠭᠠᠬᠤ ᠮᠡᠳᠡᠯᠬᠡ᠂ ᠴᠢᠳᠠᠪᠤᠷᠢ᠂ ᠳᠠᠳᠤᠯ ᠬᠡᠪᠰᠢᠯ ᠲᠡᠢ ᠪᠣᠯᠬᠤ ᠳ᠋ᠤ ᠰᠤᠷᠤᠯᠴᠠᠭᠴᠢᠳ ᠲᠤ ᠳᠡᠮᠵᠢᠯᠭᠡ ᠦᠵᠡᢉᠦᠯᠬᠦ ᠠᠷᠭ᠎ᠠ ᠬᠡᠮᠵᠢᠶ᠎ᠡ ᠶ᠋ᠢ ᠮᠡᠷᢉᠡᠵᠢᠯ ᠦᠨ ᠪᠠᠶᠢᠭᠤᠯᠤᠯᠭ᠎ᠠ ᠲᠠᠢ ᠬᠠᠮᠲᠤᠷᠠᠨ ᠤᠯᠠᠷᠢᠯ ᠪᠦᠷᠢ ᠣᠷᠤᠯᠴᠠᠭᠠᠨ ᠳ᠋ᠤ ᠰᠠᠭᠤᠷᠢᠯᠠᠨ ᠦᠷ᠎ᠡ ᠳ᠋ᠦᠩᠲᠡᠢ ᠵᠣᠬᠢᠶᠠᠨ ᠪᠠᠶᠢᠭᠤᠯᠵᠤ ᠬᠡᠪᠰᠢᠬᠦ᠂

᠑᠐᠃ ᠳᠤᠮᠳᠠ᠂ ᠠᠬᠠᠯᠠᠬᠤ ᠠᠩᢉᠢ ᠶ᠋ᠢᠨ ᠰᠤᠷᠤᠯᠴᠠᠭᠴᠢ ᠠᠵᠢᠯ ᠮᠡᠷᢉᠡᠵᠢᠯ ᠦᠨ ᠴᠢᠭ ᠪᠠᠷᠢᠮᠵᠢᠶ᠎ᠠ ᠲᠠᠢ ᠪᠣᠯᠬᠤ᠂ ᠮᠡᠷᢉᠡᠵᠢᠯ ᠢᠢᠡᠨ ᠵᠥᠪ ᠰᠣᠩᠭᠤᠬᠤ ᠳ᠋ᠤ ᠳᠡᠮᠵᠢᠯᠭᠡ ᠦᠵᠡᢉᠦᠯᠬᠦ ᠳ᠋ᠦ ᠴᠢᢉᠯᠡᢉᠰᠡᠨ ᠵᠣᠷᠢᠯᠲᠠᠲᠤ ᠠᠷᠭ᠎ᠠ ᠬᠡᠮᠵᠢᠶ᠎ᠡ ᠶ᠋ᠢ ᠰᠤᠷᠭᠠᠭᠤᠯᠢ ᠪᠦᠷᠢ ᠲᠥᠯᠦᠪᠯᠡᠨ ᠦᠷ᠎ᠡ ᠳ᠋ᠦᠩ ᠲᠡᠢ ᠬᠡᠷᠡᢉᠵᠢᢉᠦᠯᠬᠦ᠂

᠑᠑᠃ ᠲᠥᠷᠦᠯᠵᠢᢉᠰᠡᠨ ᠠᠬᠠᠯᠠᠬᠤ ᠰᠤᠷᠭᠠᠭᠤᠯᠢ ᠶ᠋ᠢ ᠬᠥᢉᠵᠢᢉᠦᠯᠬᠦ ᠵᠠᠭᠪᠤᠷ ᠢ ᠪᠣᠯᠪᠠᠰᠤᠷᠠᠯ ᠦᠨ ᠠᠰᠠᠭᠤᠳᠠᠯ ᠡᠷᠬᠢᠯᠡᢉᠰᠡᠨ ᠣᠷᠤᠨ ᠨᠤᠲᠤᠭ ᠦᠨ ᠪᠠᠶᠢᠭᠤᠯᠤᠯᠭ᠎ᠠ ᠪᠦᠷᠢ ᠣᠯᠠᠨ ᠲᠠᠯ᠎ᠠ ᠶ᠋ᠢᠨ ᠣᠷᠤᠯᠴᠠᠭ᠎ᠠ ᠲᠠᠢ ᠪᠣᠯᠪᠠᠰᠤᠷᠠᠭᠤᠯᠵᠤ᠂ ᠬᠡᠷᠡᢉᠵᠢᢉᠦᠯᠬᠦ ᠪᠡᠯᠡᠨ ᠪᠠᠶᠢᠳᠠᠯ ᠢ ᠬᠠᠩᠭᠠᠬᠤ᠂

᠑᠒᠃ ᠴᠡᠴᠡᠷᠯᠢᠭ᠂ ᠰᠤᠷᠭᠠᠭᠤᠯᠢ ᠪᠦᠷᠢ ᠰᠤᠷᠤᠯᠴᠠᠭᠴᠢᠳ ᠲᠤ ᠡᠳᠦᠷ ᠪᠦᠷᠢ ᠰᠦᠨ ᠠᠷᠭ᠎ᠠ ᠬᠡᠮᠵᠢᠶ᠎ᠡ ᠶ᠋ᠢ ᠨᠤᠲᠤᠭ ᠦᠨ ᠵᠠᠬᠢᠷᠭᠠᠨ ᠦ ᠪᠠᠶᠢᠭᠤᠯᠤᠯᠭ᠎ᠠ᠂ ᠡᠴᠢᠭᠡ ᠡᠬᠡ᠂ ᠠᠰᠠᠷᠠᠨ ᠬᠠᠮᠠᠭᠠᠯᠠᠭᠴᠢ ᠶ᠋ᠢᠨ ᠣᠷᠤᠯᠴᠠᠭ᠎ᠠ᠂ ᠳᠡᠮᠵᠢᠯᠭᠡ ᠲᠡᠢ ᠪᠡᠷ ᠬᠠᠮᠲᠤᠷᠠᠨ ᠭᠡᠷᠡᢉᠵᠢᢉᠦᠯᠵᠦ᠂ ᠬᠡᠦᠬᠡᠳ ᠦᠨ ᠥᠰᠦᠯᠲᠡ᠂ ᠡᠷᠡᢉᠦᠯ ᠮᠡᠨᠳᠦ ᠶ᠋ᠢ ᠳᠡᠮᠵᠢᠬᠦ᠃

ᠪᠤᠴᠠᠬᠤ