Та "Internet explorer"-ийн сүүлийн хувилбар болох "Microsoft edge"-г ашиглана уу

Хэрэв "Microsoft edge"-г татах бол энд дарж татаж авна уу

MN EN

ᠦᠳᠡ ᠢᠢᠨ ᠬᠣᠭᠣᠯᠠ ᠬᠦᠳᠦᠯᠪᠦᠷᠢ ᠳᠦ 《ᠰᠢᠮ᠎ᠡ ᠲᠡᠵᠢᠭᠡᠯ ᠦᠨ ᠲᠡᠩᠴᠡᠪᠥᠷᠢ ᠲᠡᠢ ᠼᠧᠰᠧ》 ᠨᠣᠮ ᠢ ᠠᠰᠢᠭᠯᠠᠨ᠎ᠠ

ᠵᠠᠷᠯᠠᠯ ᠮᠡᠳᠡᢉᠡᠯᠡᠯ ᠦᠢᠯᠡ ᠶᠠᠪᠤᠳᠠᠯ ᠤᠨ ᠮᠡᠳᠡᠭᠡ

ᠨᠡᠢᠢᠲᠡᠯᠡᠯᠴᠢ ᠨᠢ᠄ admin | ᠨᠡᠢᠢᠲᠡᠯᠡᠭᠰᠡᠨ ᠣᠭᠨᠣ᠄ 2024-08-27 03:03:42 |

ᠦᠵᠡᠭᠰᠡᠨ ᢉᠡᠷᠡᠭᠯᠡᠭᠴᠢ: 29


ᠦᠳᠡ ᠢᠢᠨ ᠬᠣᠭᠣᠯᠠ ᠬᠦᠳᠦᠯᠪᠦᠷᠢ ᠳᠦ 《ᠰᠢᠮ᠎ᠡ ᠲᠡᠵᠢᠭᠡᠯ ᠦᠨ ᠲᠡᠩᠴᠡᠪᠥᠷᠢ ᠲᠡᠢ ᠼᠧᠰᠧ》 ᠨᠣᠮ ᠢ ᠠᠰᠢᠭᠯᠠᠨ᠎ᠠ

ᠶᠠᠫᠣᠨ ᠣᠯᠣᠰ ᠤᠨ JICA ᠣᠯᠠᠨ ᠣᠯᠣᠰ ᠦᠨ ᠪᠠᠢᠭᠣᠯᠣᠯᠭ᠎ᠠ ᠢᠢᠨ ᠮᠣᠩᠭᠣᠯ ᠣᠯᠣᠰ ᠤᠨ ᠶᠡᠷᠥᠩᠬᠡᠢ ᠪᠣᠯᠪᠠᠰᠣᠷᠠᠯ ᠤᠨ ᠰᠣᠷᠭᠠᠭᠣᠯᠢ ᠢᠢᠨ ᠦᠳᠡ ᠢᠢᠨ ᠬᠣᠭᠣᠯᠠ ᠦᠢᠯᠡᠳᠪᠥᠷᠢᠯᠡᠯ ᠢ ᠳᠡᠮᠵᠢᠬᠦ ᠲᠦᠰᠦᠯ ᠦᠨ ᠬᠦᠷᠢᠶ᠎ᠡ ᠳᠦ ᠪᠣᠯᠪᠠᠰᠣᠷᠠᠭᠤᠯᠤᠭᠰᠠᠨ ᠰᠢᠮ᠎ᠡ ᠲᠡᠵᠢᠭᠡᠯ ᠦᠨ ᠲᠡᠩᠴᠡᠪᠥᠷᠢ ᠲᠡᠢ ᠼᠧᠰᠧ ᠨᠣᠮ ᠦᠨ ᠨᠡᠭᠡᠭᠡᠯᠲᠡ᠂ ᠰᠤᠷᠭᠠᠯᠳᠠ ᠢᠢᠨ ᠠᠷᠭ᠎ᠠ ᠬᠡᠮᠵᠢᠶ᠎ᠡ ᠵᠣᠬᠢᠶᠠᠨ ᠪᠠᠢᠭᠤᠯᠤᠭᠳᠠᠯ᠎ᠠ᠃ ᠨᠡᠭᠡᠭᠡᠯᠲᠡ ᠢᠢᠨ ᠦᠢᠯᠡ ᠠᠵᠢᠯᠯᠠᠭᠠᠨ ᠳᠦ ᠪᠣᠯᠪᠠᠰᠣᠷᠠᠯ ᠦᠨ ᠶᠠᠮᠤ᠂ ᠡᠷᠡᠭᠦᠯ ᠮᠡᠨᠳᠦ ᠢᠢᠨ ᠶᠠᠮᠦ᠂ ᠬᠦ᠊ ᠬᠦ᠊ ᠠ᠊ ᠠ᠊ ᠬᠦ᠊ ᠦ᠊ ᠶᠠ᠊᠂  ᠨᠡ᠊ ᠵᠠ᠊ ᠳᠠ᠊ ᠲᠠ᠊ ᠭᠠ᠊᠂ ᠨᠡ᠊ ᠪᠣ᠊ ᠭᠠ᠊᠂ ᠰᠢ᠊ ᠣ᠊ ᠲᠧ᠊ ᠶᠡ᠊ ᠰᠣ᠊᠂ ᠦᠪᠦᠷᠬᠠᠩᠭᠠᠢ᠂ ᠳᠣᠮᠳᠠᠭᠣᠪᠢ ᠠᠢᠮᠠᠭ ᠦᠨ ᠪᠣ᠊ ᠭᠠ᠊᠂ ᠬᠦ᠊ ᠬᠦ᠊ ᠠ᠊ ᠠ᠊ ᠭᠠ᠊᠂ ᠡ᠊ ᠮᠡ᠊ ᠭᠠ᠊ ᠪᠣᠯᠣᠨ ᠲᠦᠰᠦᠯ ᠬᠡᠷᠡᠭᠵᠢᠵᠦ ᠪᠣᠢ ᠰᠣᠷᠭᠠᠭᠣᠯᠢ ᠨᠣᠭᠣᠳ ᠦᠨ ᠲᠥᠯᠥᠭᠡᠯᠡᠯ ᠲᠠᠩᠬᠢᠮ ᠢᠢᠠᠷ ᠣᠷᠣᠯᠴᠠᠭᠰᠠᠨ ᠪᠣᠯ ᠪᠣᠰᠣᠳ ᠠᠢᠮᠠᠭ ᠦᠨ ᠪᠣᠯᠪᠠᠰᠣᠷᠠᠯ ᠦᠨ ᠭᠠᠵᠠᠷ᠂ ᠶᠡᠷᠥᠩᠬᠡᠢ ᠪᠣᠯᠪᠠᠰᠣᠷᠠᠯ ᠦᠨ ᠰᠣᠷᠭᠠᠭᠣᠯᠢ ᠢᠢᠨ ᠵᠠᠬᠢᠷᠣᠯ᠂ ᠬᠣᠭᠣᠯᠠ ᠵᠦᠢᠴᠢ᠂ ᠲᠣᠭᠣᠭᠠᠴᠢ ᠵᠡᠷᠭᠡ 510 ᠲᠥᠯᠥᠭᠡᠯᠡᠯ ᠴᠠᠬᠢᠮ ᠢᠢᠡᠷ ᠣᠷᠣᠯᠴᠠᠯ᠎ᠠ᠃ ᠲᠣᠰ ᠠᠷᠭ᠎ᠠ ᠬᠡᠮᠵᠢᠶ᠎ᠡ ᠢᠢᠨ ᠬᠦᠷᠢᠶ᠎ᠡ ᠳᠦ ᠳᠠᠷᠠᠭᠠᠬᠢ ᠴᠢᠭᠯᠡᠯ ᠢᠢᠡᠷ ᠮᠡᠳᠡᠭᠡᠯᠡᠯ ᠬᠦᠷᠭᠡᠯ᠎ᠡ᠃ ᠡᠭᠦᠨ ᠳᠦ᠄

·       ᠰᠣᠷᠭᠠᠭᠣᠯᠢ ᠢᠢᠨ ᠬᠣᠭᠣᠯᠠ ᠦᠢᠯᠡᠳᠪᠦᠷᠢᠯᠡᠯ ᠳᠦ ᠲᠡᠩᠴᠡᠪᠦᠷᠢ ᠲᠡᠢ ᠬᠣᠭᠣᠯᠠᠨ ᠤ ᠼᠧᠰᠧ ᠠᠰᠢᠭᠯᠠᠬᠤ ᠠᠷᠭ᠎ᠠ ᠵᠦᠢ᠂

·       ᠼᠧᠰᠧ ᠢᠢᠨ ᠨᠥᠮ ᠢ ᠠᠰᠢᠭᠯᠠᠨ ᠬᠣᠭᠣᠯᠠ᠂ ᠰᠢᠮ᠎ᠡ ᠲᠡᠵᠢᠭᠡᠯ ᠦᠨ ᠪᠣᠯᠪᠠᠰᠣᠷᠠᠯ ᠣᠯᠭᠠᠬᠤ ᠣᠷᠭᠠᠴᠢᠯᠠᠯ᠂

·       ᠠᠢᠮᠠᠭ ᠲᠦ ᠨᠢᠭᠡᠳᠦᠭᠰᠡᠨ ᠬᠣᠭᠣᠯᠠᠨ ᠦ ᠼᠧᠰᠧ ᠬᠡᠷᠡᠭᠵᠢᠭᠦᠯᠬᠦ ᠠᠷᠭ᠎ᠠ ᠬᠡᠮᠵᠢᠶ᠎ᠡ᠂

·       ᠵᠠᠭᠪᠣᠷ ᠰᠣᠷᠭᠠᠭᠣᠯᠢ ᠨᠣᠭᠣᠳ ᠲᠦ ᠬᠢᠭᠳᠡᠵᠦ ᠪᠣᠢ ᠮᠣᠨᠢᠲ᠋ᠣᠷᠢᠩ ᠦᠨ ᠦᠷ᠎ᠡ ᠳ᠋ᠦᠩ᠂

·       ᠦᠢᠯᠡ ᠠᠵᠢᠯᠯᠠᠭ᠎ᠠ ᠢᠢ ᠰᠠᠢᠵᠢᠷᠠᠭᠣᠯᠬᠤ ᠠᠷᠭ᠎ᠠ ᠵᠠᠮ ᠲᠣᠰ ᠲᠣᠰ ᠪᠠᠭᠳᠠᠨ᠎ᠠ

ᠡᠨᠡ ᠬᠦ ᠠᠷᠭ᠎ᠠ ᠬᠡᠮᠵᠢᠶᠡᠨ ᠦ ᠦᠶ᠎ᠡ ᠪᠡᠷ ᠲᠦᠰᠦᠯ ᠬᠡᠷᠡᠭᠵᠢᠵᠦ ᠪᠣᠶ ᠶᠡᠷᠥᠩᠬᠡᠢ ᠪᠣᠯᠪᠠᠰᠣᠷᠠᠯ ᠦᠨ ᠰᠣᠷᠭᠠᠭᠣᠯᠢ ᠨᠣᠭᠣᠳ ᠲᠦ JICA ᠣᠯᠠᠨ ᠣᠯᠣᠰ ᠦᠨ ᠪᠠᠢᠭᠣᠯᠣᠯᠭ᠎ᠠ ᠡᠴᠡ ᠬᠣᠭᠣᠯᠠ᠂ ᠰᠢᠮ᠎ᠡ ᠲᠡᠵᠢᠭᠡᠯ ᠦᠨ ᠪᠣᠯᠪᠠᠰᠣᠷᠠᠯ ᠣᠯᠭᠠᠬᠤ ᠰᠣᠷᠭᠠᠯᠳᠠ ᠢᠢᠨ ᠮᠠᠲ᠋ᠧᠷᠢᠶᠠᠯ ᠭᠠᠷᠳᠠᠭᠣᠯᠣᠨ ᠦᠭᠭᠦᠯ᠎ᠡ᠃

ᠪᠤᠴᠠᠬᠤ