Та "Internet explorer"-ийн сүүлийн хувилбар болох "Microsoft edge"-г ашиглана уу

Хэрэв "Microsoft edge"-г татах бол энд дарж татаж авна уу

ᠭᠣᠯᠣᠮᠲᠠ ᠪᠠᠠᠻᠬᠢᠨ ᠤ 《ᠪᠠᠭᠰᠢ ᠻᠠᠷᠲ》 16000 ᠬᠡᠷᠡᠭᠯᠡᠭᠴᠢ ᠲᠡᠢ ᠪᠣᠯᠵᠠᠢ᠃

ᠵᠠᠷᠯᠠᠯ ᠮᠡᠳᠡᢉᠡᠯᠡᠯ ᠦᠢᠯᠡ ᠶᠠᠪᠤᠳᠠᠯ ᠤᠨ ᠮᠡᠳᠡᠭᠡ

ᠨᠢᠢᠲᠡᠯᠡᠯᠴᠢ ᠨᠢ᠄ admin | ᠨᠢᠢᠲᠡᠯᠡᠭᠰᠡᠨ ᠣᠭᠨᠣ᠄ 2024-10-31 11:06:23 |

ᠦᠵᠡᠭᠰᠡᠨ ᠬᠡᠷᠡᠭᠯᠡᠭᠴᠢ: 452


ᠭᠣᠯᠣᠮᠲᠠ ᠪᠠᠠᠻᠬᠢᠨ ᠤ 《ᠪᠠᠭᠰᠢ ᠻᠠᠷᠲ》 16000 ᠬᠡᠷᠡᠭᠯᠡᠭᠴᠢ ᠲᠡᠢ ᠪᠣᠯᠵᠠᠢ᠃

ᠪᠣᠯᠪᠠᠰᠤᠷᠠᠯ ᠤᠨ ᠶᠡᠷᠦᠩᠬᠡᠢ ᠭᠠᠵᠠᠷ ᠠᠴᠠ ᠥᠨᠥᠳᠥᠷ ᠭᠣᠯᠣᠮᠲᠠ ᠪᠠᠠᠻᠬᠢ ᠲᠠᠢ ᠪᠠᠶᠢᠭᠤᠯᠤᠭᠰᠠᠨ 《ᠰᠠᠨᠠᠮᠵᠢ ᠪᠢᠴᠢᠭ》  ᠢᠢᠠᠨ ᠰᠤᠩᠭᠠᠯ᠎ᠠ᠃ ᠪᠣᠯᠪᠠᠰᠤᠷᠠᠯ ᠤᠨ ᠶᠠᠮᠤᠨ ᠤ ᠰᠠᠨᠠᠭᠠᠴᠢᠯᠠᠭ᠎ᠠ ᠪᠠᠷ 2022 ᠣᠨ ᠳᠤ ᠨᠡᠶᠢᠲᠡ 6 ᠪᠠᠠᠻᠬᠢ ᠪᠠᠭᠰᠢ ᠨᠠᠷ ᠲᠤ ᠵᠣᠷᠢᠭᠤᠯᠤᠭᠰᠠᠨ ᠰᠠᠩᠬᠦᠦ ᠶᠢᠨ ᠦᠢᠯᠡᠴᠢᠯᠡᠭᠡ ᠶᠢ ᠪᠤᠢ ᠪᠣᠯᠭᠠᠵᠤ᠂ ᠲᠡᠳᠡᠨ ᠳᠦ ᠬᠥᠩᠭᠡᠯᠡᠯᠲᠡ᠂ ᠤᠷᠮᠠᠰᠢᠭᠤᠯᠤᠯ ᠦᠵᠡᠭᠦᠯᠵᠦ᠂ ᠬᠠᠮᠲᠤᠷᠠᠨ ᠠᠵᠢᠯᠯᠠᠬᠤ ᠰᠠᠨᠠᠮᠵᠢ ᠪᠢᠴᠢᠭ ᠢ ᠪᠠᠶᠢᠭᠤᠯᠵᠤ ᠪᠠᠶᠢᠭᠰᠠᠨ ᠶᠤᠮ᠃

ᠭᠣᠯᠣᠮᠲᠠ ᠪᠠᠠᠻᠬᠢ ᠲᠠᠢ ᠪᠠᠶᠢᠭᠤᠯᠤᠭᠰᠠᠨ 《ᠰᠠᠨᠠᠮᠵᠢ ᠪᠢᠴᠢᠭ》 ᠤᠨ ᠦᠷ᠎ᠡ ᠊ᠳᠥᠶᠩ  ᠡᠴᠡ..᠃

8᠂000 ᠬᠡᠷᠡᠭᠯᠡᠭᠴᠢ ᠲᠡᠢ ᠪᠠᠶᠢᠭᠰᠠᠨ ᠲᠤᠰ ᠪᠠᠠᠻᠺᠢᠨ ᠤ 《ᠪᠠᠭᠰᠢ ᠻᠠᠷᠲ》 ᠥᠨᠥᠳᠥᠷ 16᠂000 ᠬᠡᠷᠡᠭᠯᠡᠭᠴᠢ ᠲᠡᠢ ᠪᠣᠯᠵᠠᠢ᠃

ᠲᠤᠰ ᠪᠠᠠᠻᠬᠢ ᠪᠠᠷ 11᠂000 ᠪᠠᠭᠰᠢ ᠦᠢᠯᠡᠴᠢᠯᠡᠭᠦᠯᠵᠣ ᠪᠠᠶᠢᠭᠰᠠᠨ ᠪᠣᠯ 18᠂000 ᠪᠠᠭᠰᠢ ᠦᠢᠯᠡᠴᠢᠯᠡᠭᠡ ᠠᠪᠳᠠᠭ ᠪᠣᠯᠵᠤ᠂ ᠰᠠᠩᠬᠦᠦ ᠶᠢᠨ ᠬᠥᠩᠭᠡᠯᠡᠯᠲᠡ᠂ ᠤᠷᠮᠠᠰᠢᠭᠤᠯᠤᠯ ᠳᠤ ᠬᠠᠮᠤᠷᠤᠭᠳᠠᠵᠤ ᠪᠠᠶᠢᠨ᠎ᠠ᠃

700 ᠭᠠᠷᠤᠢ ᠪᠣᠯᠪᠠᠰᠤᠷᠠᠯ ᠤᠨ ᠰᠤᠷᠭᠠᠯᠲᠠ ᠶᠢᠨ ᠪᠠᠶᠢᠭᠤᠯᠤᠯᠭ᠎ᠠ ᠲᠤᠰ ᠪᠠᠠᠻᠬᠢ ᠲᠠᠢ ᠭᠡᠷ᠎ᠡ ᠪᠠᠶᠢᠭᠤᠯᠤᠨ ᠬᠠᠮᠲᠤᠷᠠᠨ ᠠᠵᠢᠯᠯᠠᠵᠤ ᠪᠠᠶᠢᠨ᠎ᠠ᠃

10᠂000 ᠪᠠᠭᠰᠢ ᠰᠠᠩᠬᠦᠦ ᠶᠢᠨ ᠭᠡᠨᠡᠳᠲᠡ ᠶᠢᠨ ᠬᠡᠷᠡᠭᠴᠡᠭᠡ ᠪᠡᠨ ᠬᠠᠩᠭᠠᠵᠤ᠂ ᠵᠡᠭᠡᠯᠢ ᠶᠢᠨ ᠦᠢᠯᠡᠴᠢᠯᠡᠭᠡᠨ ᠳᠦ ᠬᠠᠮᠤᠷᠤᠭᠳᠠᠭᠰᠠᠨ ᠢᠶᠠᠷ 58᠂0 ᠲᠡᠷᠪᠤᠮ ᠪᠠᠶᠢᠭᠰᠠᠨ ᠡᠬᠢ ᠡᠭᠦᠰᠪᠦᠷᠢ ᠪᠡᠨ 113᠂0 ᠲᠡᠷᠪᠤᠮ ᠪᠣᠯᠭᠠᠨ ᠥᠰᠬᠡᠭᠰᠡᠨ ᠪᠠᠶᠢᠨ᠎ᠠ᠃

300 ᠭᠠᠷᠤᠢ ᠪᠠᠭᠰᠢ ᠣᠷᠣᠨ ᠰᠠᠭᠤᠴᠠᠨ ᠤ ᠬᠥᠩᠭᠡᠯᠡᠯᠲᠡ ᠲᠡᠢ  ᠨᠥᠬᠥᠴᠡᠯ ᠢᠶᠡᠷ ᠭᠣᠯᠣᠮᠲᠠ ᠪᠠᠠᠻᠺᠢᠨ ᠤ ᠵᠡᠭᠡᠯᠢ ᠳᠦ ᠬᠠᠮᠤᠷᠤᠭᠳᠠᠵᠠᠢ᠃

ᠪᠤᠴᠠᠬᠤ